ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ ᠤ᠋ᠨ ᠬᠠᠮᠲᠤ ᠣᠯᠠᠨ ᠑᠐᠐ ᠮᠣᠨᠤᠰᠤ᠂ ᠕᠐ ᠰᠠᠻᠦ᠋ᠷᠠ᠂ ᠖᠐ ᠬᠠᠶᠢᠯᠠᠰᠤ ᠲᠠᠷᠢᠯ᠎ᠠ

ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠰᠠᠨᠠᠭᠠᠴᠢᠯᠠᠭᠰᠠᠨ 《ᠲᠡᠷᠪᠤᠮ ᠮᠣᠳᠤ》 ᠦᠨᠳᠦᠰᠦᠨ ᠪ ᠬᠦᠳᠡᠯᢉᠡᢉᠡᠨ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ ᠤ᠋ᠨ ᠬᠠᠮᠲᠤ ᠣᠯᠠᠨ ᠨᠢᢉᠡᠳᠴᠦ᠂ ᠵᠢᠯ ᠪᠦᠷᠢ ᠬᠠᠪᠤᠷ᠂ ᠨᠠᠮᠤᠷ ᠮᠣᠳᠤ ᠲᠠᠷᠢᠳᠠᠭ᠃ ᠬᠠᠪᠤᠷ ᠤ᠋ᠨ ᠮᠣᠳᠤ ᠲᠠᠷᠢᠬᠤ ᠡᠳᠦᠷ  ᠢ ᠥᠨᠦᠳᠦᠷ ᠵᠣᠬᠢᠶᠠᠨ ᠪᠠᠶᠢᠭᠤᠯᠵᠤ ᠲᠦᠷᢉᠡᠨ ᠮᠣᠳᠤ ᠦᠷᠡᠵᠢᢉᠦᠯᠭᠡ ᠶ᠋ᠢᠨ ᠭᠠᠵᠠᠷ ᠲᠤ ᠑᠐᠐ ᠮᠣᠨᠤᠰᠤ᠂ ᠕᠐ ᠰᠠᠻᠦ᠋ᠷᠠ᠂ ᠖᠐ ᠬᠠᠶᠢᠯᠠᠰᠤ ᠲᠠᠷᠢᠯ᠎ᠠ᠃ ᠲᠦᠷᢉᠡᠨ ᠮᠣᠳᠤ ᠦᠷᠡᠵᠢᢉᠦᠯᠭᠡ ᠶ᠋ᠢᠨ ᠭᠠᠵᠠᠷ ᠤ᠋ᠨ ᠮᠡᠷᢉᠡᠵᠢᠯᠲᠡᠨ ᠨᠦ᠋ᢉᠦᠳ ᠶᠠᠮᠠᠷ ᠮᠣᠳᠤ ᠰᠣᠩᠭᠤᠬᠤ᠂ ᠬᠡᠷᠬᠢᠨ ᠲᠠᠷᠢᠬᠤ ᠲᠠᠯᠠᠭᠠᠷ ᠮᠡᠳᠡᢉᠡᠯᠡᠯ ᠥᢉᠴᠦ ᠬᠠᠮᠲᠤᠷᠠᠨ ᠠᠵᠢᠯᠯᠠᠪᠠ᠃ ᠲᠡᢉᠦᠨᠴᠢᠯᠡᠨ ᠲᠤᠰ ᠬᠠᠮᠲᠤ ᠣᠯᠠᠨ ᠲᠠᠷᠢᠭᠰᠠᠨ ᠮᠣᠳᠤᠨ ᠪ ᠠᠷᠠᠴᠢᠯᠠᠭ᠎ᠠ ᠤᠰᠤᠯᠠᠭ᠎ᠠ ᠶ᠋ᠢ ᠬᠠᠷᠢᠭᠤᠴᠠᠨ ᠠᠵᠢᠯᠯᠠᠬᠤ ᠶᠤᠮ᠃