ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠰᠢᠯᠢᠳᠡᠭ ᠢᠨᠵᠧᠨᠧᠷ᠂ ᠲᠧᠬᠡᠨᠢᠭ  ᠦᠨ ᠠᠵᠢᠯᠲᠠᠨ ᠨᠤᠭᠤᠳ ᠰᠢᠯᠭᠠᠷᠠᠯ᠎ᠠ᠃

ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠢᠨ᠋ᠵᠧᠨᠧᠷ ᠲᠧᠻᠨᠢᠭ  ᠦᠨ ᠠᠵᠢᠯᠲᠠᠨ ᠨᠤᠭᠤᠳ  ᠦᠨ ᠳᠤᠮᠳᠠ ᠵᠠᠰᠠᠪᠤᠷᠢ ᠦᠶᠢᠯᠡᠴᠢᠯᠡᠭᠡ᠂ ᠤᠷ᠎ᠠ ᠴᠢᠳᠠᠪᠤᠷᠢ ᠶ᠋ᠢᠨ ᠲᠡᠮᠡᠴᠡᢉᠡᠨ  ᠢ ᠡᠨᠡ ᠰᠠᠷ᠎ᠠ ᠶ᠋ᠢᠨ ᠙- ᠪ ᠡᠳᠦᠷ ᠵᠣᠬᠢᠶᠠᠨ ᠪᠠᠶᠢᠭᠤᠯᠵᠤ ᠥᠨᠦᠳᠦᠷ ᠰᠢᠯᠢᠳᠡᠭ  ᠤᠳ  ᠢᠶᠡᠨ ᠲᠣᠳᠤᠷᠠᠭᠤᠯᠤᠯ᠎ᠠ᠃ ᠤᠯᠠᠭᠠᠨᠪᠠᠭᠠᠲᠤᠷ ᠬᠣᠲᠠ ᠶ᠋ᠢᠨ ᠬᠦᢉᠵᠢᠯ  ᠦᠨ ᠻᠣᠷᠫᠤᠷᠠᠼᠢ ᠬᠦᠻ᠂ Yutong bus ᠬᠦᠬᠡ-ᠡᠶᠢᠨ ᠬᠠᠮᠲᠤᠷᠠᠨ ᠵᠣᠬᠢᠶᠠᠨ ᠪᠠᠶᠢᠭᠤᠯᠤᠭᠰᠠᠨ ᠵᠠᠰᠠᠪᠤᠷᠢ ᠦᠢᠯᠡᠴᠢᠯᠡᠭᠡ᠂ᠤᠷ᠎ᠠ ᠴᠢᠳᠠᠪᠤᠷᠢ ᠶ᠋ᠢᠨ ᠲᠡᠮᠡᠴᠡᢉᠡᠨ ᠳ᠋ᠦ ᠪᠩᠬᠠᠭᠤ-  ᠦᠨ ᠵᠢᠨᠵᠤᠤ ᠬᠣᠲᠠ ᠳ᠋ᠤ ᠠᠦ᠋ᠲ᠋ᠣᠪᠦ᠋ᠰ  ᠦᠨ ᠵᠠᠰᠠᠪᠤᠷᠢ ᠦᠢᠯᠡᠴᠢᠯᠡᢉᠡᠨ ᠪ ᠴᠢᢉᠯᠡᠯ  ᠢᠶᠡᠷ ᠮᠡᠷᢉᠡᠰᠢᢉᠦᠯᠬᠦ ᠰᠤᠷᠭᠠᠯᠲᠠ ᠳ᠋ᠤ ᠬᠠᠮᠤᠷᠤᠭᠳᠠᠭᠰᠠᠨ ᠨᠡᠶᠢᠲᠡ ᠶ᠋ᠢᠨ ᠲᠡᢉᠡᢉᠡᠪᠦᠷᠢ ᠶ᠋ᠢᠨ ᠑᠗ ᠠᠵᠤ ᠠᠬᠤᠢ ᠶ᠋ᠢᠨ ᠨᠢᢉᠡᠴᠡ ᠪᠠᠶᠢᠭᠤᠯᠤᠯᠭ᠎ᠠ ᠶ᠋ᠢᠨ ᠓᠔ ᠢᠨᠵᠧᠨᠧᠷ᠂ ᠲᠧᠬᠡᠨᠢᠭ  ᠦᠨ ᠠᠵᠢᠯᠲᠠᠨ ᠣᠷᠤᠯᠴᠠᠭᠰᠠᠨ ᠶᠤᠮ᠃  ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠡᠷᠬᠢᠯᠡᢉᠴᠢ ᠠᠵᠤ ᠠᠬᠤᠢ ᠶ᠋ᠢᠨ ᠨᠢᢉᠡᠴᠡ ᠶ᠋ᠢᠨ ᠢᠨ᠋ᠵᠧᠨᠧᠷ ᠲᠧᠻᠨᠢᠭ  ᠦᠨ ᠠᠵᠢᠯᠲᠠᠨ ᠨᠤᠭᠤᠳ ᠵᠣᠬᠢᠶᠠᠮᠠᠯ  ᠢᠶᠠᠷ ᠡᢉᠦᠰᢈᠡᢉᠰᠡᠨ ᢉᠡᠮᠲᠦᠯ  ᠢ ᠬᠠᠮᠤᠭ  ᠦᠨ ᠪᠣᠭᠤᠨᠢ ᠬᠤᠭᠤᠴᠠᠭᠠᠨ ᠳ᠋ᠤ ᠢᠯᠡᠷᠡᢉᠦᠯᠵᠦ᠂ ᠵᠠᠰᠠᠬᠤ᠂ ᠬᠡᠡᠪ  ᠦᠨ ᠦᠢᠯᠡ ᠠᠵᠢᠯᠯᠠᠭᠠᠨ ᠳ᠋ᠤ ᠣᠷᠤᠭᠤᠯᠬᠤ ᠳ᠋ᠤ ᠬᠡᠷᠬᠢᠨ ᠠᠵᠢᠯᠯᠠᠵᠤ ᠪᠤᠢ ᠤᠷ᠎ᠠ ᠴᠢᠳᠠᠪᠤᠷᠢ ᠪᠠᠷ  ᠢᠶᠠᠨ ᠥᠷᠢᠰᠦᠯᠳᠦᢉᠰᠡᠨ ᠶᠤᠮ᠃

ᠤᠷᠤᠯᠳᠤᠭᠠᠨ ᠪ ᠲᠡᠷᠢᢉᠦᠨ ᠪᠠᠶᠢᠷᠢᠨ ᠳ᠋ᠤ

📍ᠰᠤᠲᠠᠢ ᠶ᠋ᠢᠨ ᠪᠤᠶᠠᠨᠲᠤᠬᠦᠭᠡ-ᠡᠶᠢᠨ ᠢᠨᠵᠧᠨᠧᠷ᠂ ᠲᠧᠬᠡᠨᠢᠭ  ᠦᠨ ᠠᠵᠢᠯᠲᠠᠨ ᠣ‍᠂ ᠮᠥᠩᢉᠦᠨᠬᠦᠦ᠂ ᠬᠣᠶᠠᠳᠤᠭᠠᠷ ᠪᠠᠶᠢᠷᠢᠨ ᠳ᠋ᠤ

📍ᠵᠣᠷᠴᠢᠭᠴᠢ ᠲᠡᢉᠡᢉᠡᠪᠦᠷᠢ ᠬᠣᠶᠠᠷ ᠣᠨᠤᠭᠠᠲᠦ᠋ᢉ-  ᠦᠨ ᠢᠨᠵᠧᠨᠧᠷ᠂ ᠲᠧᠬᠡᠨᠢᠭ  ᠦᠨ ᠠᠵᠢᠯᠲᠠᠨ ᠪ‍᠂ ᠨᠢᠮᠠᠳᠣᠷᠵᠢ᠂ ᠭᠤᠷᠪᠠᠳᠤᠭᠠᠷ ᠪᠠᠶᠢᠷᠢᠨ ᠳ᠋ᠤ

📍 ᠠᠦᠲ᠋ᠤᠪᠦᠰ ᠨᠢᢉᠡᠳᠦᠯᠬᠦᠭᠡ-ᠡᠶᠢᠨ ᠢᠨᠵᠧᠨᠧᠷ᠂ ᠲᠧᠬᠡᠨᠢᠭ  ᠦᠨ ᠠᠵᠢᠯᠲᠠᠨ ᠪ᠃  ᠪᠠᠲᠤᠪᠣᠯᠤᠳ ᠨᠠᠷᠠ ᠰᠢᠯᠭᠠᠷᠠᠯ᠎ᠠ᠃  ᠲᠤᠰᠬᠠᠢ ᠪᠠᠶᠢᠷᠢᠨ ᠳ᠋ᠤ ᠵᠣᠷᠴᠢᠭᠴᠢ ᠲᠡᢉᠡᢉᠡᠪᠦᠷᠢ-᠔ ᠣᠨᠤᠭᠠᠲᠦ᠋ᢉ-  ᠦᠨ ᠢᠨᠵᠧᠨᠧᠷ ᠳ᠋ᠠ‍᠂ᠪᠠᠲᠤᠵᠢᠷᠭᠠᠯ

ᠵᠣᠷᠴᠢᠭᠴᠢ ᠲᠡᢉᠡᢉᠡᠪᠦᠷᠢ-᠔ ᠣᠨᠤᠭᠠᠲᠦ᠋ᢉ-  ᠦᠨ ᠢᠨᠵᠧᠨᠧᠷ ᠶᠠ‍᠂ᡀᠠᠭᠪᠠᠵᠠᠪ

 

ᠵᠣᠷᠴᠢᠭᠴᠢ ᠲᠡᢉᠡᢉᠡᠪᠦᠷᠢ-᠑ ᠣᠨᠤᠭᠠᠲᠦ᠋ᢉ-ᠶᠤᠨ ᠢᠨᠵᠧᠨᠧᠷ ᠣ‍᠂ᠴᠣᠯᠮᠤᠨ ᠨᠠᠷᠠ ᠰᠢᠯᠭᠠᠷᠠᠯ᠎ᠠ᠃  ᠤᠷᠤᠯᠳᠤᠭᠠᠨ ᠲᠡᠮᠡᠴᠡᢉᠡᠨ ᠳ᠋ᠦ ᠪᠠᠭ ᠬᠠᠮᠲᠤ ᠣᠯᠠᠨ  ᠢᠶᠠᠨ ᠠᠮᠵᠢᠯᠲᠠᠢ ᠪᠡᠯᠡᠳᠬᠡᠨ ᠣᠷᠤᠯᠴᠠᠭᠤᠯᠤᠭᠰᠠᠨ ᠠᠵᠤ ᠠᠬᠤᠢ ᠶ᠋ᠢᠨ ᠨᠢᢉᠡᠴᠡ ᠡᠴᠡ ᠰᠤᠲᠠᠢ ᠶ᠋ᠢᠨ ᠪᠤᠶᠠᠨᠲᠤ ᢈᠾᠻᠠ᠂ ᠵᠣᠷᠴᠢᠭᠴᠢ ᠲᠡᢉᠡᢉᠡᠪᠦᠷᠢ ᠳᠥᠷᠪᠡ ᠣᠨᠤᠭᠠᠲᠦ᠋ᠭᠡ᠂ ᠵᠣᠷᠴᠢᠭᠴᠢ ᠲᠡᢉᠡᢉᠡᠪᠦᠷᠢ ᠨᠢᠭᠡ ᠣᠨᠤᠭᠠᠲᠦ᠋ᠭᠡ ᠰᠢᠯᠭᠠᠷᠠᠵᠤ ᠡᠷᢉᠦᠮᠵᠢᠯᠡᠯ ᠦᠨ᠎ᠡ ᠪᠦᠬᠦᠢ ᠵᠦᠶᠢᠯ  ᠢᠶᠡᠷ ᠱᠠᠩᠨᠠᠭᠤᠯᠤᠯ᠎ᠠ᠃