ᠨᠡᠶᠢᠰᠯᠡᠯ ᠬᠣᠲᠠ ᠶ᠋ᠢᠨ ᠢᠷᠡᢉᠡᠳᠦᠢ ᠶ᠋ᠢᠨ ᠢᠷᢉᠡᠳ ᠲᠦ ᠨᠡᠶᠢᠲᠡ ᠶ᠋ᠢᠨ ᠲᠡᢉᠡᢉᠡᠪᠦᠷᠢ ᠪᠡᠷ ᠬᠡᠷᠬᠢᠨ ᠵᠣᠷᠴᠢᠬᠤ᠂ ᠶᠠᠮᠠᠷ ᠦᠢᠯᠡᠴᠢᠯᠡᠭᠡ ᠶ᠋ᠢ ᠬᠡᠷᠬᠢᠨ ᠠᠪᠬᠤ ᠲᠠᠯᠠᠭᠠᠷ ᠮᠡᠳᠡᢉᠡᠯᠡᠯ ᠥᢉᠬᠦ᠂ ᠻᠠᠷᠲ ᠠᠰᠢᠭᠯᠠᠵᠤ ᠬᠡᠪᠰᠢᠬᠦ ᠶ᠋ᠢ ᠤᠯᠠᠮ ᠥᢉᢉᠦᢉᠡᠵᠢ ᠲᠡᠢ ᠪᠣᠯᠭᠠᠬᠤ ᠠᠵᠢᠯ ᠢ ᠡᠬᠢᠯᠡᢉᠦᠯᠦᢉᠰᠡᠨ᠃ ᠡᠨᠡ ᠠᠵᠢᠯ ᠦᠨ ᠬᠦᠷᠢᠶᠡᠨ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠳᠠᠷᠤᠭᠠ ᠳ᠂ ᠣᠳᠬᠠᠨᠵᠢᠷᠭᠠᠯ ᠤᠳᠤᠷᠢᠳᠬᠤ ᠠᠵᠢᠯᠲᠠᠨ ᠨᠤᠭᠤᠳ ᠨᠡᠶᠢᠰᠯᠡᠯ ᠦᠨ ᠪᠣᠯᠪᠠᠰᠤᠷᠠᠯ ᠦᠨ ᠭᠠᠵᠠᠷ ᠦᠨ ᠳᠠᠷᠤᠭᠠ ᠪᠠ᠃ ᠠᠮᠤᠷᠲᠦ᠋ᠪᠰᠢᠨ ᠪᠣᠯᠤᠨ 《ᠤᠯᠠᠭᠠᠨᠪᠠᠭᠠᠲᠤᠷ ᠰᠮᠠᠷᠲ ᠻᠠᠷᠲ》 ᢈᠾᠻᠠ᠂ UBcard ᠰᠢᠰᠲ᠋ᠧᠮ ᠢ ᠬᠦᢉᠵᠢᢉᠦᠯᠦᢉᠴᠢ ᠻᠣᠮᠫᠠᠨᠢ ᠶ᠋ᠢᠨ ᠲᠥᠯᠦᢉᠡᠯᠡᠯ ᠲᠡᠢ ᠠᠭᠤᠯᠵᠠᠯᠠ᠃
ᠠᠭᠤᠯᠵᠠᠯᠲᠠ ᠳ᠋ᠤ ᠣᠷᠤᠯᠴᠠᠭᠰᠠᠳ ᠰᠤᠷᠤᠭᠴᠢᠳ ᠢ ᠻᠠᠷᠲ ᠠᠰᠢᠭᠯᠠᠵᠤ ᠬᠡᠪᠰᠢᠬᠦ ᠳ᠋ᠦ ᠨᠢ ᠬᠡᠷᠬᠢᠨ ᠲᠤᠰᠠᠯᠠᠬᠤ᠂ ᠬᠦᠨᠳᠦᠷᠡᠯ ᠦᢉᠡᠢ ᠪᠡᠷ ᠵᠣᠷᠴᠢᠬᠤ ᠶᠠᠮᠠᠷ ᠪᠣᠯᠤᠮᠵᠢ ᠪᠠᠶᠢᠵᠤ ᠪᠣᠯᠬᠤ᠂ ᠶᠠᠭᠤᠨ ᠳ᠋ᠤ ᠠᠩᠬᠠᠷᠬᠤ ᠲᠠᠯᠠᠭᠠᠷ ᠰᠠᠨᠠᠯ ᠰᠣᠯᠢᠯᠴᠠᠵᠤ᠂ ᠮᠡᠳᠡᢉᠡᠯᠡᠯ ᠥᠷᠯᠦᠭᠡ᠃ ᠶᠡᠷᠦᠩᠬᠡᠢ ᠪᠣᠯᠪᠠᠰᠤᠷᠠᠯ ᠦᠨ ᠰᠤᠷᠭᠠᠭᠤᠯᠢ ᠶ᠋ᠢᠨ ᠰᠤᠷᠤᠭᠴᠢᠳ ᠣᠳᠤ ᠒᠐᠐ ᠲᠥᢉᠦᠷᠢᢉ ᠢᠶᠡᠷ ᠵᠣᠷᠴᠢᠳᠠᠭ ᠪᠥᢉᠡᠳ ᠬᠡᠷᠪᠡ ᠻᠠᠷᠲ ᠢᠶᠠᠨ ᠠᠰᠢᠭᠯᠠᠵᠤ ᠡᠬᠢᠯᠡᠪᠡᠯ ᠡᠳᠦᠷ ᠲᠦ ᠪᠡᠨ ᠓ ᠤᠳᠠᠭᠠ ᠳᠠᠮᠵᠢᠨ ᠰᠠᠭᠤᠬᠤ ᠡᠷᠭᠡ ᠨᠢ ᠨᠡᢉᠡᢉᠡᢉᠳᠡᠵᠦ᠂ ᠨᠢᠭᠡ ᠤᠳᠠᠭᠠ ᠶ᠋ᠢᠨ ᠵᠣᠷᠴᠢᠯᠲᠠ ᠶ᠋ᠢᠨ ᠦᠨᠡ ᠕᠐ ᠲᠥᢉᠦᠷᠢᢉ ᠪᠣᠯᠬᠤ ᠪᠣᠯᠤᠮᠵᠢ ᠲᠠᠢ ᠶᠤᠮ᠃ ᠥᠨᠦᠳᠦᠷ ᠦᠨ ᠪᠠᠶᠢᠳᠠᠯ ᠢᠶᠠᠷ ᠓᠗ ᠮᠢᠩᠭᠠᠨ ᠰᠤᠷᠤᠭᠴᠢ ᠶ᠋ᠢᠨ ᠻᠠᠷᠲ ᠢ UBcard ᠬᠤᠳᠠᠯᠳᠤᠭᠠᠨ ᠳ᠋ᠤ ᠭᠠᠷᠭᠠᠬᠤ ᠳ᠋ᠤ ᠪᠡᠯᠡᠨ ᠪᠠᠶᠢᠭᠠ ᠴᠤ ᠬᠡᠷᠬᠢᠨ ᠰᠤᠷᠤᠭᠴᠢᠳ ᠲᠤ ᠲᠠᠷᠠᠭᠠᠬᠤ ᠠᠰᠠᠭᠤᠳᠠᠯ ᠬᠦᠨᠳᠦᠷᠡᠯ ᠲᠡᠢ ᠪᠠᠶᠢᠭᠠ᠃ ᠡᠶᠢᠮᠦ ᠳ᠋ᠦ ᠨᠡᠶᠢᠰᠯᠡᠯ ᠦᠨ ᠪᠣᠯᠪᠠᠰᠤᠷᠠᠯ ᠦᠨ ᠭᠠᠵᠠᠷ ᠲᠠᠢ ᠰᠤᠷᠤᠭᠴᠢᠳ ᠦᠨ ᠻᠠᠷᠲ ᠢ ᠬᠡᠷᠬᠢᠨ ᠰᠤᠷᠭᠠᠭᠤᠯᠢ᠂ ᠪᠠᠭᠰᠢ ᠳ᠋ᠤ ᠬᠦᠨᠳᠦᠷᠡᠯ ᠤᠴᠠᠷᠠᠭᠤᠯᠬᠤ ᠦᢉᠡᠢ ᠪᠡᠷ ᠰᠤᠷᠤᠭᠴᠢᠳ ᠲᠤ ᠣᠯᠭᠠᠬᠤ ᠲᠧᠻᠨᠣᠯᠣᢉᠢ ᠶ᠋ᠢᠨ ᠰᠢᠢᠳᠦᠯ ᠦᠨ ᠲᠠᠯᠠᠭᠠᠷ ᠣᠶᠢᠷᠠ ᠶ᠋ᠢᠨ ᠬᠤᠭᠤᠴᠠᠭᠠᠨ ᠳ᠋ᠤ ᠬᠠᠮᠲᠤᠷᠠᠭᠰᠠᠨ ᠠᠭᠤᠯᠵᠠᠯᠲᠠ ᠬᠢᠬᠦ ᠪᠡᠷ ᠪᠣᠯᠤᠯᠠ᠃
ᠨᠡᠶᠢᠰᠯᠡᠯ ᠦᠨ ᠵᠠᠰᠠᠭ ᠳᠠᠷᠤᠭᠠ ᠶ᠋ᠢᠨ ᠵᠦᠭ ᠡᠴᠡ ᠡᠨᠡ ᠠᠵᠢᠯ ᠢ ᠳᠡᠮᠵᠢᠵᠦ᠂ ᠰᠤᠷᠭᠠᠭᠤᠯᠢ ᠪᠣᠯᠤᠨ ᠪᠠᠭᠰᠢ ᠨᠠᠷ ᠢ ᠤᠷᠮᠠᠰᠢᠭᠤᠯᠬᠤ ᠠᠷᠭᠠ ᠬᠡᠮᠵᠢᠶᠡ ᠠᠪᠬᠤ ᠳ᠋ᠤ ᠪᠡᠯᠡᠨ ᢉᠡᠳᠡᠭ ᠢᠶᠡᠨ ᠢᠯᠡᠷᠬᠡᠶᠢᠯᠡᢉᠰᠡᠨ ᠪᠠᠶᠢᠳᠠᠭ᠃ ᠡᠶᠢᠮᠦ ᠳ᠋ᠦ ᠡᠨᠡ ᠠᠵᠢᠯ ᠢ ᠣᠶᠢᠷᠠ ᠶ᠋ᠢᠨ ᠬᠤᠭᠤᠴᠠᠭᠠᠨ ᠳ᠋ᠤ ᠠᠵᠢᠯ ᠬᠡᠷᠡᠭ ᠪᠣᠯᠭᠠᠬᠤ ᠶ᠋ᠢ ᠬᠣᠯᠪᠤᠭᠳᠠᠬᠤ ᠬᠦᠮᠦᠰ ᠲᠦ ᠡᢉᠦᠷᠭᠡ ᠪᠣᠯᠭᠠᠪᠠ᠃