ᠨᠡᠶᠢᠰᠯᠡᠯ ᠦᠨ ᠢᠷᢉᠡᠳ ᠦᠨ ᠲᠥᠯᠦᢉᠡᠯᠡᢉᠴᠢᠳ ᠦᠨ ᠬᠤᠷᠠᠯ ᠦᠨ ᠪᠦᠰᠡᠴᠢᠯᠡᢉᠰᠡᠨ ᠬᠦᢉᠵᠢᠯ ᠦᠨ ᠬᠣᠷᠢᠶᠠ ᠪᠣᠯᠤᠨ ᠮᠣᠩᠭᠣᠯ ᠠᠷᠠᠳ ᠦᠨ ᠨᠠᠮ᠂ ᠠᠷᠠᠳᠴᠢᠯᠠᠭᠰᠠᠨ ᠨᠠᠮ ᠦᠨ ᠪᠦᠯᠦᠭ ᠦᠨ ᠬᠤᠷᠠᠯᠳᠤᠭᠠᠨ ᠢᠶᠠᠷ 《ᠤᠯᠠᠭᠠᠨᠪᠠᠭᠠᠲᠤᠷ ᠲᠷᠠᠮᠸᠠᠢ》 ᠲᠥᠰᠦᠯ ᠦᠨ I᠂ᠤ᠂ ᠹ᠂᠂ II ᠱᠤᠭᠤᠮ ᠦᠨ ᠲᠧᠬᠡᠨᠢᢉ᠂ ᠡᠳ᠋ ᠦᠨ ᠵᠠᠰᠠᠭ ᠦᠨ ᠦᠨᠳᠦᠰᠦᠯᠡᠯ (ᠲᠡᠶᠡᢉᠦᠦ)-ᠡᠶᠢᢉ ᠦᠶᠡ ᠱᠠᠲᠤ ᠲᠠᠢ ᠬᠡᠯᠡᠯᠴᠡᢉᠰᠡᠨ ᠪᠥᢉᠡᠳ ᠡᠨᠡ ᠰᠠᠷᠠ ᠶ᠋ᠢᠨ ᠒᠓- ᠪ ᠡᠳᠦᠷ ᠨᠡᠶᠢᠰᠯᠡᠯ ᠦᠨ ᠢᠷᢉᠡᠳ ᠦᠨ ᠲᠥᠯᠦᢉᠡᠯᠡᢉᠴᠢᠳ ᠦᠨ ᠡᢉᠡᠯᠵᠢᠲᠦ ᠪᠤᠰᠤ VII ᠬᠤᠷᠠᠯᠳᠤᠭᠠᠨ ᠳ᠋ᠤ ᠲᠠᠨᠢᠯᠴᠠᠭᠤᠯᠵᠤ᠂ ᠳᠡᠮᠵᠢᢉᠳᠡᠯᠡ᠃ ᠲᠥᠰᠦᠯ ᠦᠨ ᠲᠧᠻᠨᠢᠭ᠂ ᠡᠳ᠋ ᠦᠨ ᠵᠠᠰᠠᠭ ᠦᠨ ᠦᠨᠳᠦᠰᠦᠯᠡᠯ ᠢ 《ᠤᠯᠠᠭᠠᠨᠪᠠᠭᠠᠲᠤᠷ ᠲᠷᠠᠮᠸᠠᠢ》 ᠲᠥᠰᠦᠯ ᠦᠨ ᠵᠠᠬᠢᠷᠤᠯ ᠪ᠃ ᠠᠨᠤ-ᠦᠵᠢᠨ ᠲᠠᠨᠢᠯᠴᠠᠭᠤᠯᠤᠭᠰᠠᠨ ᠪᠥᢉᠡᠳ ᠨᠡᠶᠢᠲᠡ ᠲᠥᠯᠦᢉᠡᠯᠡᢉᠴᠢᠳ ᠦᠨ ᠣᠯᠠᠡᠬᠡᠬᠢ ᠶ᠋ᠢᠨ ᠰᠠᠨᠠᠯ ᠢᠶᠠᠷ ᠳᠡᠮᠵᠢᢉᠳᠡᠵᠦ᠂ ᠡᠶᠢᠨ ᠬᠦ ᠪᠠᠲᠤᠯᠠᠯᠠ᠃
ᠤᠯᠠᠭᠠᠨᠪᠠᠭᠠᠲᠤᠷ ᠲᠷᠠᠮᠸᠠᠢ ᠲᠥᠰᠦᠯ ᠢ ᠨᠡᠶᠢᠰᠯᠡᠯ ᠦᠨ ᠬᠣᠶᠠᠷ ᠴᠢᢉᠯᠡᠯ ᠳ᠋ᠦ ᠬᠡᠷᠡᢉᠵᠢᢉᠦᠯᠬᠦ ᠪᠡᠷ ᠲᠥᠯᠦᠪᠯᠡᢉᠰᠡᠨ᠃ ᠨᠢᢉᠡᠳᠦ᠋ᢉᠡᠷ ᠱᠤᠭᠤᠮ ᠨᠢ ᠵᠤᠰᠠᠯᠠᠩ ᠦᠨ ᠪᠦᠰᠡ 《ᠵᠤᠨᠵᠢᠨ ᠬᠤᠳᠠᠯᠳᠤᠭᠠᠨ ᠪ ᠲᠥᠪ》-ᠥᢉᠡᠰᠦ ᠰᠦᠬᠡᠪᠠᠭᠠᠲᠤᠷ ᠦᠨ ᠲᠠᠯᠠᠪᠠᠢ ᠬᠦᠷᠲᠡᠯᠡᠬᠢ ᠴᠢᢉᠯᠡᠯ ᠳ᠋ᠦ ᠪᠠᠷᠢᠭᠳᠠᠬᠤ ᠪᠥᢉᠡᠳ ᠡᠨᠡ ᠨᠢ ᠑᠑ ᠻᠮ ᠤᠷᠲᠤ᠂᠑᠖ ᠵᠣᠭᠰᠤᠭᠠᠯ ᠲᠠᠢ ᠪᠠᠶᠢᠨᠠ᠃ ᠲᠤᠰ ᠴᠢᢉᠯᠡᠯ ᠳ᠋ᠦ ᠵᠣᠷᠴᠢᠬᠤ ᠬᠤᠭᠤᠴᠠᠭᠠ ᠨᠡᠶᠢᠲᠡ ᠒᠙ ᠮᠢᠨ ᠪᠠᠶᠢᠬᠤ ᠶᠤᠮ᠃ ᠬᠣᠶᠠᠳᠤᠭᠠᠷ ᠱᠤᠭᠤᠮ ᠨᠢ ᠠᠷᠬᠢᠸ ᠦᠨ ᠶᠡᠷᠦᠩᠬᠡᠢ ᠭᠠᠵᠠᠷ ᠡᠴᠠ ᠰᠦᠬᠡᠪᠠᠭᠠᠲᠤᠷ ᠦᠨ ᠲᠠᠯᠠᠪᠠᠢ ᠬᠦᠷᠲᠡᠯᠡᠬᠢ ᠴᠢᢉᠯᠡᠯ ᠳ᠋ᠦ ᠬᠡᠷᠡᢉᠵᠢᠬᠦ ᠪᠥᢉᠡᠳ ᠑᠕ ᠻᠮ ᠤᠷᠲᠤ᠂ ᠒᠓ ᠵᠣᠭᠰᠤᠭᠠᠯ ᠲᠠᠢ ᠪᠠᠶᠢᠨᠠ᠃ ᠲᠤᠰ ᠴᠢᢉᠯᠡᠯ ᠳ᠋ᠦ ᠨᠡᠶᠢᠲᠡ ᠓᠗ ᠮᠢᠨ ᠵᠣᠷᠴᠢᠨᠠ᠃ ᠡᠨᠡ ᠬᠦ ᠬᠣᠶᠠᠷ ᠱᠤᠭᠤᠮ ᠳᠠᠭᠠᠭᠤ ᠳ᠋ᠤ ᠨᠡᠶᠢᠲᠡ ᠒᠖ ᠻᠮ ᠪᠤᠶᠤ ᠕᠒ ᠻᠮ ᠬᠣᠣᠰ ᠱᠤᠭᠤᠮ ᠲᠠᠯᠪᠢᠭᠳᠠᠨᠠ᠃ ᠲᠷᠠᠮᠸᠠᠢ ᠶ᠋ᠢᠨ ᠳᠤᠨᠳᠠᠵᠢ ᠬᠤᠷᠳᠤ ᠓᠐ ᠻᠮ/ᠴᠥ - ᠗᠐ᠻᠮ/ᠴ ᠬᠦᠷᠲᠡᠯᠡ ᠬᠤᠷᠳᠤᠯᠠᠬᠤ ᠪᠣᠯᠤᠮᠵᠢ ᠲᠠᠢ᠃ ᠵᠣᠷᠴᠢᠭᠴᠢᠳ ᠵᠣᠭᠰᠤᠭᠠᠯ ᠳ᠋ᠤ ᠲᠷᠠᠮᠸᠠᠢ ᠶ᠋ᠢ ᠬᠦᠯᠢᠶᠡᠬᠦ ᠬᠤᠭᠤᠴᠠᠭᠠ ᠨᠢ ᠕ ᠮᠢᠨ ᠪᠠᠶᠢᠬᠤ ᠶᠤᠮ᠃ ᠡᠨᠡ ᠬᠦ ᠲᠥᠰᠦᠯ ᠬᠡᠷᠡᢉᠵᠢᢉᠰᠡᠨ ᠢᠶᠡᠷ ᠠᠦ᠋ᠲ᠋ᠣ᠋ ᠵᠠᠮ ᠦᠨ ᠬᠦᠳᠡᠯᢉᠡᢉᠡᠨ ᠪ ᠳᠤᠮᠳᠠᠵᠢ ᠬᠤᠷᠳᠤ ᠒᠕᠂᠗ ᠬᠤᠪᠢ ᠪᠠᠷ ᠨᠡᠮᠡᢉᠳᠡᠬᠦ ᠲᠣᠭᠠᠴᠠᠭᠠᠯᠠᠯ ᠭᠠᠷᠴᠡᠢ᠃