ᠨᠡᠶᠢᠰᠯᠡᠯ ᠦᠨ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ᠂ ᠨᠡᠶᠢᠰᠯᠡᠯ ᠦᠨ ᠶᠢᠰᠦᠨ ᠳᠡᢉᠦᠷᠭᠡ ᠶ᠋ᠢᠨ ᠵᠠᠰᠠᠭ ᠳᠠᠷᠤᠭᠠ ᠶ᠋ᠢᠨ ᠭᠠᠵᠠᠷ ᠲᠠᠢ ᠬᠠᠮᠲᠤᠷᠠᠨ ᠨᠡᠶᠢᠰᠯᠡᠯ ᠦᠨ ᠬᠡᠮᠵᠢᠶᠡᠨ ᠳ᠋ᠦ ᠠᠦ᠋ᠲ᠋ᠣ᠋ ᠦᠢᠯᠡᠴᠢᠯᠡᢉᠡᠨ ᠪ ᠴᠢᢉᠯᠡᠯ ᠢᠶᠡᠷ ᠦᠢᠯᠡ ᠠᠵᠢᠯᠯᠠᠭᠠ ᠡᠷᠬᠬᠢᠯᠡᠵᠦ ᠪᠤᠢ ᠢᠷᢉᠡᠨ ᠠᠵᠤ ᠠᠬᠤᠢ ᠶ᠋ᠢᠨ ᠨᠢᢉᠡᠴᠡ ᠪᠠᠶᠢᠭᠤᠯᠤᠯᠭᠠ ᠨᠤᠭᠤᠳ ᠲᠤ ᠬᠣᠯᠪᠤᠭᠳᠠᠬᠤ ᠬᠠᠤᠯᠢ᠂ ᠳᠦᠷᠢᠮ ᠵᠢᠷᠤᠮ᠂ ᠰᠲ᠋ᠠᠨ᠋ᠳᠠᠷᠲ ᠦᠨ ᠲᠠᠯᠠᠭᠠᠷ ᠮᠡᠳᠡᠯᠭᠡ ᠣᠯᠭᠤᠬᠤ ᠰᠤᠷᠭᠠᠯᠲᠠ ᠶ᠋ᠢ ᠵᠣᠬᠢᠶᠠᠨ ᠪᠠᠶᠢᠭᠤᠯᠤᠯᠠ᠃
ᠡᠨᠡ ᠰᠠᠷᠠ ᠶ᠋ᠢᠨ ᠙-᠑᠒- ᠦᠨ ᠡᠳᠦᠷ ᠤᠳ ᠲᠦ ᠵᠣᠬᠢᠶᠠᠨ ᠪᠠᠶᠢᠭᠤᠯᠤᠭᠰᠠᠨ ᠰᠤᠷᠭᠠᠯᠲᠠ ᠳ᠋ᠤ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠠᠴᠢᠶᠠ ᠲᠡᢉᠡᢉᠡᠪᠦᠷᠢ᠂ ᠠᠦ᠋ᠲ᠋ᠣ᠋ ᠦᠢᠯᠡᠴᠢᠯᠡᢉᠡᠨ ᠪ ᠬᠡᠯᠲᠡᠰ ᠦᠨ ᠠᠦᠲ᠋ᠤ ᠦᠶᠢᠯᠡᠴᠢᠯᠡᠭᠡ ᠬᠠᠷᠢᠭᠤᠴᠠᠭᠰᠠᠨ ᠠᠵᠢᠯᠲᠠᠨ᠂ ᠳᠡᢉᠦᠷᠭᠡ ᠶ᠋ᠢᠨ ᠠᠦ᠋ᠲ᠋ᠣ᠋ ᠦᠢᠯᠡᠴᠢᠯᠡᠭᠡ ᠬᠠᠷᠢᠭᠤᠴᠠᠭᠰᠠᠨ ᠮᠡᠷᢉᠡᠵᠢᠯᠲᠡᠨ᠂ ᠣᠨᠴᠤᠭᠤᠢ ᠪᠠᠶᠢᠳᠠᠯ ᠦᠨ ᠠᠯᠪᠠᠨ ᠪ ᠰᠤᠷᠭᠠᠯᠲᠠ ᠬᠠᠷᠢᠭᠤᠴᠠᠭᠰᠠᠨ ᠪᠠᠶᠢᠴᠠᠭᠠᠭᠴᠢ ᠣᠷᠤᠯᠴᠠᠵᠤ ᠮᠡᠷᢉᠡᠵᠢᠯ ᠠᠷᠭᠠ ᠵᠦᠢ ᠶ᠋ᠢᠨ ᠵᠥᠪᠯᠡᠭᠡ ᠥᢉᠴᠦ ᠠᠵᠢᠯᠯᠠᠭᠠ᠃ ᠤᠳᠤᠷᠢᠳᠤᠮᠵᠢ ᠶ᠋ᠢᠨ ᠬᠦᠷᠢᠶᠡᠨ ᠳ᠋ᠦ ᠶᠢᠰᠦᠨ ᠳᠡᢉᠦᠷᠭᠡ ᠶ᠋ᠢᠨ ᠬᠠᠮᠤᠷᠤᠭᠤᠯᠬᠤ ᠵᠣᠷᠢᠯᠭᠠ ᠲᠠᠢ ᠪᠥᢉᠡᠳ ᠥᠨᠦᠳᠦᠷ ᠦᠨ ᠪᠠᠶᠢᠳᠠᠯ ᠢᠶᠠᠷ ᠳᠥᠷᠪᠡᠨ ᠳᠡᢉᠦᠷᠭᠡ ᠶ᠋ᠢᠨ ᠑᠐᠙ ᠢᠷᢉᠡᠨ᠂ ᠠᠵᠤ ᠠᠬᠤᠢ ᠶ᠋ᠢᠨ ᠨᠢᠭᠡ ᠪᠠᠶᠢᠭᠤᠯᠤᠯᠭᠠ ᠨᠤᠭᠤᠳ ᠢ ᠬᠠᠮᠤᠷᠤᠭᠤᠯᠤᠭᠠᠳ ᠪᠠᠶᠢᠭᠠ ᠪᠠ ᠤᠭ ᠰᠤᠷᠭᠠᠯᠲᠠ ᠢᠷᠡᠬᠦ ᠰᠠᠷᠠ ᠳ᠋ᠤ ᠦᠷᢉᠦᠯᠵᠢᠯᠡᠬᠦ ᠶᠤᠮ᠃