ᠮᠣᠷᠢᠨ ᠪ ᠳᠠᠪᠠᠭ᠎ᠠ ᠴᠢᢉᠯᠡᠯ ᠳ᠋ᠦ ᠰᠢᠨ᠎ᠡ ᠵᠣᠭᠰᠤᠭᠠᠯ ᠨᠡᠮᠡᢉᠳᠡᠯ᠎ᠡ

ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠪ ᠬᠦᠷᠲᠡᢉᠡᠮᠵᠢ ᠶ᠋ᠢ ᠨᠡᠮᠡᢉᠳᠡᢉᠦᠯᠬᠦ᠂ᠠᠦ᠋ᠲ᠋ᠣᠪᠦ᠋ᠰ  ᠦᠨ ᠵᠣᠭᠰᠤᠭᠠᠯ ᠬᠣᠭᠤᠷᠤᠨᠳᠤ ᠶ᠋ᠢᠨ ᠵᠠᠢ ᠶ᠋ᠢ ᠣᠶᠢᠷᠠᠳᠤᠭᠤᠯᠵᠤ᠂ ᠢᠷᢉᠡᠳ  ᠦᠨ ᠡᠷᠢᠯᠲᠡ ᠬᠡᠷᠡᢉᠴᠡᠭᠡ ᠶ᠋ᠢ ᠬᠠᠩᠭᠠᠬᠤ ᠡᢉᠦᠳᠡᠨ ᠡᠴᠡ ᠬᠠᠨ᠆ᠠᠭᠤᠯᠠ ᠳᠡᢉᠦᠷᠭᠡ ᠶ᠋ᠢᠨ ᠑᠐ ᠳ᠋ᠤᠭᠠᠷ ᠬᠣᠷᠢᠶᠠᠨ ᠪ ᠨᠤᠲᠤᠭ ᠳᠡᠪᠢᠰᢈᠡᠷ ᠲᠦ ᠪᠠᠶᠢᠷᠢᠰᠢᠯᠲᠠᠢ ᠮᠣᠷᠢᠨ ᠵᠣᠭᠰᠤᠭᠠᠯ  ᠢ ᠰᠢᠨ᠎ᠡ ᠪᠡᠷ ᠨᠡᢉᠡᢉᠡᠯ᠎ᠡ᠃ᠲᠤᠰ ᠵᠣᠭᠰᠤᠭᠠᠯ ᠳ᠋ᠤ ᠴᠤ:᠖᠗ ᠮᠣᠷᠢᠨ ᠪ ᠳᠠᠪᠠᠭ᠎ᠠ᠆ᠨᠢᠰᠬᠦ ᠴᠢᢉᠯᠡᠯ  ᠦᠨ ᠨᠡᠶᠢᠲᠡ ᠶ᠋ᠢᠨ ᠲᠡᢉᠡᢉᠡᠪᠦᠷᠢ ᠶ᠋ᠢᠨ ᠠᠦ᠋ᠲ᠋ᠣᠪᠦ᠋ᠰ ᠵᠣᠭᠰᠤᠬᠤ ᠶᠤᠮ᠃ᠳᠡᢉᠡᠷᠬᠢ ᠵᠠᠮᠨᠠᠯ  ᠦᠨ ᠥᢉᠡᠷᠡᠴᠢᠯᠡᠯᠲᠡ ᠶ᠋ᠢ ᠡᠨᠡ ᠰᠠᠷ᠎ᠠ ᠶ᠋ᠢᠨ ᠑᠑᠆ᠶ᠋ᠢᠨ ᠡᠳᠦᠷ ᠡᠴᠡ ᠮᠥᠷᠳᠡᠵᠦ ᠡᠬᠢᠯᠡᠨ᠎ᠡ᠃ᠴᠢᢉᠯᠡᠯ  ᠦᠨ ᠦᠢᠯᠡᠴᠢᠯᠡᠭᠡ ᠲᠡᠢ ᠬᠣᠯᠪᠤᠭᠠᠲᠠᠢ ᠰᠠᠨᠠᠯ ᠬᠦᠰᠡᠯᠲᠡ ᠶ᠋ᠢ ᠗᠐᠐᠔᠔᠐᠔᠐ ᠳ᠋ᠤᠭᠠᠷ  ᠦᠨ ᠤᠲᠠᠰᠤᠨ ᠳ᠋ᠤ ᠬᠦᠯᠢᠶᠡᠨ ᠠᠪᠴᠤ ᠰᠢᠭᠤᠷᠬᠠᠢ ᠰᠢᠢᠳᠪᠦᠷᠢᠯᠡᠨ᠎ᠡ᠃