ᠨᠡᠶᠢᠰᠯᠡᠯ ᠦᠨ ᠨᠡᠶᠢᠲᠡ ᠶ᠋ᠢᠨ ᠲᠡᢉᠡᢉᠡᠪᠦᠷᠢ ᠳ᠋ᠦ ᠵᠥᠪᢈᠬᠡᠨ ᠤᠯᠠᠭᠠᠨᠪᠠᠭᠠᠲᠤᠷ ᠰᠮᠠᠷᠲ ᠻᠠᠷᠲ ᠢᠶᠠᠷ ᠵᠣᠷᠴᠢᠳᠠᠭ ᠪᠠᠶᠢᠭᠰᠠᠨ ᠪᠣᠯ ᠒᠐᠒᠕ ᠣᠨ ᠳ᠋ᠤ ᠴᠠᠬᠢᠮ ᠲᠥᠯᠦᠪᠦᠷᠢ ᠶ᠋ᠢᠨ ᠰᠢᠰᠲ᠋ᠧᠮ ᠨᠡᠪᠲᠡᠷᠡᢉᠦᠯᠵᠦ᠂ᠤᠯᠠᠭᠠᠨᠪᠠᠭᠠᠲᠤᠷ ᠰᠮᠠᠷᠲ ᠻᠠᠷᠲ᠂ ᠪᠠᠩᠻᠢ ᠶ᠋ᠢᠨ ᠻᠠᠷᠲ᠂ ᠭᠠᠷ ᠤᠲᠠᠰᠤᠨ ᠪ ᠠᠫᠫᠯᠢᠻᠧᠶᠢᠱᠢᠨ᠋᠂ QR ᠻᠣᠳ᠋᠂ ᠪᠡᠯᠡᠨ ᠮᠥᠩᢉᠦ ᠵᠡᠷᠭᠡ ᠰᠣᠩᠭᠤᠯᠲᠠ ᠪᠠᠷ ᠲᠥᠯᠦᠪᠦᠷᠢ ᠲᠥᠯᠦᠵᠦ᠂ ᠨᠡᠶᠢᠲᠡ ᠶ᠋ᠢᠨ ᠲᠡᢉᠡᢉᠡᠪᠦᠷᠢ ᠪᠡᠷ ᠦᠶᠯᠡᠴᠢᠯᠡᢉᠦᠯᠵᠦ ᠪᠠᠶᠢᠨᠠ᠃ᠲᠡᢉᠦᠨᠴᠢᠯᠡᠨ ᠥᠩᢉᠡᠷᠡᢉᠰᠡᠨ ᠵᠢᠯ ᠤᠳ ᠲᠦ ᠨᠡᠶᠢᠰᠯᠡᠯ 《ᠤᠯᠠᠭᠠᠨᠪᠠᠭᠠᠲᠤᠷ ᠰᠮᠠᠷᠲ ᠻᠠᠷᠲ》 ᠬᠦ᠂ᠬᠠ᠂ᠻᠠ᠆ᠶ᠋ᠢᠨ ᠒᠔ ᠬᠤᠪᠢ ᠶ᠋ᠢ ᠡᠵᠡᠮᠰᠢᠳᠡᠭ ᠪᠠᠶᠢᠭᠰᠠᠨ ᠲᠤᠯᠠ ᠨᠡᠶᠢᠲᠡ ᠶ᠋ᠢᠨ ᠲᠡᢉᠡᢉᠡᠪᠦᠷᠢ ᠶ᠋ᠢᠨ ᠣᠷᠤᠯᠭᠠ ᠶ᠋ᠢ ᠬᠢᠨᠠᠬᠤ ᠪᠣᠯᠤᠮᠵᠢ ᠰᠤᠯᠠ ᠪᠠᠶᠢᠭᠰᠠᠨ᠃ᠡᠨᠡ ᠠᠰᠠᠭᠤᠳᠠᠯ ᠢ ᠰᠢᠢᠳᠬᠦ ᠶ᠋ᠢᠨ ᠲᠤᠯᠠᠳᠠ ᠨᠡᠶᠢᠰᠯᠡᠯ 《ᠤᠯᠠᠭᠠᠨᠪᠠᠭᠠᠲᠤᠷ ᠰᠮᠠᠷᠲ ᠻᠠᠷᠲ》 ᠬᠦ᠂ᠬᠠ᠂ᠻᠠ᠆ᠶ᠋ᠢᠨ ᠗᠙ ᠬᠤᠪᠢ ᠶ᠋ᠢᠨ ᠬᠤᠪᠢᠴᠠᠭᠠ ᠡᠵᠡᠮᠰᠢᢉᠴᠢ ᠪᠣᠯᠵᠤ᠂ ᠬᠤᠪᠢᠴᠠᠭᠠ ᠡᠵᠡᠮᠰᠢᠬᠦ ᠡᠷᠭᠡ ᠶ᠋ᠢ ᠭᠤᠷᠪᠠ ᠳᠠᠬᠢᠨ ᠨᠡᠮᠡᢉᠳᠡᢉᠦᠯᠵᠦ᠂ ᠤᠯᠠᠮ ᠢᠶᠠᠷ ᠣᠷᠤᠯᠭᠠ ᠶ᠋ᠢ ᠬᠢᠨᠠᠳᠠᠭ ᠪᠣᠯᠤᠭᠰᠠᠨ᠃ᠦᠷᠡ ᠳ᠋ᠦᠩ ᠳ᠋ᠦ ᠨᠢ ᠨᠡᠶᠢᠲᠡ ᠶ᠋ᠢᠨ ᠲᠡᢉᠡᢉᠡᠪᠦᠷᠢ ᠶ᠋ᠢᠨ ᠣᠷᠤᠯᠭᠠ ᠒᠐᠒᠕ ᠣᠨ ᠪ ᠵᠢᠯ ᠦᠨ ᠡᠴᠦᠰ ᠦᠨ ᠪᠠᠶᠢᠳᠠᠯ ᠢᠶᠠᠷ ᠖᠙᠂᠓ ᠬᠤᠪᠢ ᠪᠠᠷ ᠪᠤᠶᠤ ᠒᠓᠂᠑ ᠲᠡᠷᠪᠤᠮ ᠲᠥᢉᠦᠷᠢᢉ ᠢᠶᠡᠷ ᠥᠰᠦᢉᠡᠳ ᠪᠠᠶᠢᠨᠠ᠃