ᠨᠡᠶᠢᠲᠡ ᠶ᠋ᠢᠨ ᠲᠡᢉᠡᢉᠡᠪᠦᠷᠢ ᠶ᠋ᠢᠨ ᠰᠢᠯᠭᠠᠭᠴᠢ ᠨᠠᠷ ᠰᠤᠷᠭᠠᠯᠲᠠ ᠳ᠋ᠤ ᠬᠠᠮᠤᠷᠤᠭᠳᠠᠯ ᠢᠶᠠᠨ

 ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠳ᠋ᠦ ᠠᠵᠢᠯᠯᠠᠵᠤ ᠪᠤᠢ ᠰᠢᠯᠭᠠᠭᠴᠢ ᠨᠠᠷᠠ ᠶ᠋ᠢ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠲᠧᠭᠨᠡᠭ᠂ ᠲᠧᠻᠨᠣᠯᠣᢉᠢ᠂ ᠫᠠᠷᠻ ᠰᠢᠨᠡᠴᠢᠯᠡᠯᠲᠡ᠂ ᠰᠠᠯᠪᠤᠷᠢ ᠳ᠋ᠤ ᠮᠥᠷᠳᠡᢉᠳᠡᠳᠡᠡ ᠬᠠᠤᠯᠢ᠂ ᠳᠦᠷᠢᠮ᠂ ᠵᠢᠷᠤᠮ᠂ ᠰᠲ᠋ᠠᠨ᠋ᠳᠠᠷᠲ᠂ ᠦᠢᠯᠡᠴᠢᠯᠡᢉᠡᠨ ᠪ ᠠᠵᠢᠯᠲᠠᠨ ᠪ ᠵᠠᠩ ᠬᠠᠷᠢᠯᠴᠠᠭ᠎ᠠ᠂ᠵᠣᠷᠢᠯᠲᠠᠲᠤ ᠪᠦᠯᠦᠭ  ᠦᠨ ᠢᠷᢉᠡᠳ ᠲᠦ ᠬᠡᠷᠬᠢᠨ ᠦᠢᠯᠡᠴᠢᠯᠡᠬᠦ ᠴᠢᢉᠯᠡᠯ  ᠢᠶᠡᠷ ᠮᠡᠳᠡᠯᠭᠡ᠂ ᠮᠡᠳᠡᢉᠡᠯᠡᠯ ᠥᢉᠴᠦ ᠴᠢᠳᠠᠪᠬᠢᠵᠢᠭᠤᠯᠵᠤ᠂ ᠦᠢᠯᠡᠴᠢᠯᠡᢉᠡᠨ ᠪ ᠴᠢᠨᠠᠷ᠂ ᠰᠣᠶᠤᠯ  ᠢ ᠰᠠᠶᠢᠵᠢᠷᠠᠭᠤᠯᠬᠤ ᠰᠤᠷᠭᠠᠯᠲᠠ ᠶ᠋ᠢ ᠥᠨᠦᠳᠦᠷ ᠵᠣᠬᠢᠶᠠᠨ ᠪᠠᠶᠢᠭᠤᠯᠤᠯ᠎ᠠ᠃  ᠰᠤᠷᠭᠠᠯᠲᠠ ᠶ᠋ᠢ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠵᠣᠷᠴᠢᠭᠴᠢ ᠲᠡᢉᠡᢉᠡᠪᠦᠷᠢ ᠶ᠋ᠢᠨ ᠬᠡᠯᠲᠡᠰ᠂ ᠵᠠᠮ  ᠦᠨ ᠬᠦᠳᠡᠯᢉᠡᢉᠡᠨ ᠪ ᠤᠳᠤᠷᠢᠳᠤᠯᠭ᠎ᠠ ᠶ᠋ᠢᠨ ᠲᠥᠪ᠂ ᠲᠡᢉᠡᢉᠡᠪᠦᠷᠢ ᠶ᠋ᠢᠨ ᠴᠠᠭᠳᠠᠭ᠎ᠠ ᠶ᠋ᠢᠨ ᠠᠯᠪᠠ᠂ ᠬᠦᢉᠵᠢᠯ  ᠦᠨ ᠪᠡᠷᠬᠡᠰᠢᠶᠡᠯ ᠲᠡᠢ ᠬᠦᠮᠦᠨ ᠪ ᠬᠦᢉᠵᠢᠯ  ᠦᠨ ᠶᠡᠷᠦᠡᠭᠬᠢᠢ ᠭᠠᠵᠠᠷ  ᠦᠨ ᠬᠣᠯᠪᠤᠭᠳᠠᠬᠤ ᠠᠯᠪᠠᠨ ᠲᠤᠰᠢᠶᠠᠯᠲᠠᠨ ᠨᠤᠭᠤᠳ ᠬᠠᠮᠲᠤᠷᠠᠨ ᠵᠣᠬᠢᠶᠠᠨ ᠪᠠᠶᠢᠭᠤᠯᠪᠠ᠃  ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠳ᠋ᠦ ᠠᠵᠢᠯᠯᠠᠵᠤ ᠪᠤᠢ ᠰᠢᠯᠭᠠᠭᠴᠢ ᠨᠠᠷ ᠨᠢ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠥᠨᠦ ᠶ᠋ᠢᠨ ᠪᠠᠶᠢᠳᠠᠯ᠂ ᠨᠡᠶᠢᠲᠡ ᠶ᠋ᠢᠨ ᠲᠡᢉᠡᢉᠡᠪᠦᠷᠢ ᠶ᠋ᠢᠨ ᠦᠶᠯᠡᠴᠢᠯᠡᢉᠡᠨ ᠳ᠋ᠦ ᠰᠢᠯᠭᠠᠭᠴᠢ ᠨᠠᠷ  ᠦᠨ ᠣᠷᠤᠯᠴᠠᠭ᠎ᠠ᠃ ᠰᠤᠷᠭᠠᠯᠲᠠ ᠳ᠋ᠤ ᠬᠠᠮᠤᠷᠤᠭᠳᠠᠭᠰᠠᠨ  ᠢᠶᠠᠷ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠪ ᠲᠡᢉᠡᢉᠡᠪᠦᠷᠢ ᠶ᠋ᠢᠨ ᠬᠡᠷᠡᢉᠰᠡᠯ  ᠦᠨ ᠲᠧᠻᠨᠢᠭ  ᠦᠨ ᠪᠣᠯᠤᠨ ᠮᠡᠳᠡᢉᠡᠯᠡᠯ  ᠦᠨ ᠬᠦᠷᠲᠡᢉᠡᠮᠵᠢ᠂ ᠵᠣᠷᠢᠯᠲᠠᠲᠤ ᠪᠦᠯᠦᠭ  ᠦᠨ ᠵᠣᠷᠴᠢᠭᠴᠢᠳ ᠲᠤ ᠬᠡᠷᠬᠢᠨ ᠦᠢᠯᠡᠴᠢᠯᠡᠬᠦ ᠪᠣᠯᠤᠨ ᠤᠯᠠᠭᠠᠨᠪᠠᠭᠠᠲᠤᠷ ᠬᠣᠲᠠ ᠶ᠋ᠢᠨ ᠵᠠᠮ  ᠦᠨ ᠬᠦᠳᠡᠯᢉᠡᢉᠡᠨ ᠪ ᠵᠣᠬᠢᠴᠠᠭᠤᠯᠤᠯᠲᠠ᠂ ᠬᠢᠨᠠᠯᠲᠠ ᠶ᠋ᠢᠨ ᠲᠠᠯᠠᠭᠠᠷᠬᠢ ᠮᠡᠳᠡᢉᠡᠯᠡᠯ ᠲᠡᠢ ᠪᠣᠯᠤᠨ᠎ᠠ᠃  ᠴᠠᠭᠠᠰᠢᠳᠠ ᠰᠢᠯᠭᠠᠭᠴᠢ ᠨᠠᠷ  ᠦᠨ ᠠᠵᠢᠯ  ᠦᠨ ᠪᠦᠲᠦᢉᠡᠮᠵᠢ᠂ ᠦᠢᠯᠡᠴᠢᠯᠡᢉᠡᠨ ᠪ ᠰᠣᠶᠤᠯ ᠳᠡᢉᠡᢉᠰᠢᠯᠡᠬᠦ ᠶᠤᠮ᠃