ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠡᠴᠠ ᠠᠦ᠋ᠲ᠋ᠣᠪᠦ᠋ᠰ ᠦᠨ ᠵᠣᠭᠰᠤᠭᠠᠯ ᠳᠡᢉᠡᠷᠡᠬᠢ ᠴᠢᢉᠯᠡᠯ ᠦᠨ ᠮᠡᠳᠡᢉᠡᠯᠡᠯ ᠦᠨ ᠰᠠᠮᠪᠠᠷᠠ ᠶ᠋ᠢ ᠠᠦᠲ᠋ᠤᠮᠠᠲ᠋ᠵᠢᠭᠤᠯᠬᠤ᠂ ᠰᠢᠨᠡᠴᠢᠯᠡᠬᠦ ᠠᠵᠢᠯ ᠢ ᠱᠠᠲᠤ ᠳᠠᠷᠤᠭᠠᠲᠠᠢ ᠪᠠᠷ 《JCDecaux ᠮᠣᠩᠭᠣᠯᠢᠶᠠ》 ᠻᠣᠮᠫᠠᠨᠢ ᠲᠠᠢ ᠬᠠᠮᠲᠤᠷᠠᠨ ᠬᠢᠵᠦ ᠪᠠᠶᠢᠨᠠ᠃ ᠡᠨᠡ ᠲᠠᠯᠠᠭᠠᠷ ᠲᠤᠰ ᠭᠠᠵᠠᠷ ᠦᠨ ᠲᠡᢉᠡᢉᠡᠪᠦᠷᠢ ᠶ᠋ᠢᠨ ᠪᠣᠳᠤᠯᠭᠠ᠂ ᠲᠥᠯᠦᠪᠯᠡᠯᠲᠡ ᠬᠠᠷᠢᠭᠤᠴᠠᠭᠰᠠᠨ ᠠᠬᠠᠯᠠᠬᠤ ᠮᠡᠷᢉᠡᠵᠢᠯᠲᠡᠨ ᠣ᠂ᠬᠣᠩᠭᠤᠷᠵᠤᠯᠠ 《ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠳ᠋ᠦ ᠡᠳᠦᠷ ᠲᠤᠲᠤᠮ ᠳ᠋ᠤ ᠑᠓᠖ ᠴᠢᢉᠯᠡᠯ ᠳ᠋ᠦ ᠑᠑᠖᠘ ᠲᠡᢉᠡᢉᠡᠪᠦᠷᠢ ᠶ᠋ᠢᠨ ᠬᠡᠷᠡᢉᠰᠡᠯ ᠠᠵᠢᠯᠯᠠᠵᠤ ᠪᠠᠶᠢᠨᠠ᠃ ᠡᠳᠡᢉᠡᠷ ᠴᠢᢉᠯᠡᠯ ᠤᠳ ᠑᠒᠘᠐ ᠵᠣᠭᠰᠤᠭᠠᠯ ᠢ ᠳᠠᠭᠠᠷᠢᠨ ᠥᠩᢉᠡᠷᠡᠳᠡᢉ᠃ ᠠᠦ᠋ᠲ᠋ᠣᠪᠦ᠋ᠰ ᠦᠨ ᠵᠣᠭᠰᠤᠭᠠᠯ ᠦᠨ ᠰᠠᠮᠪᠠᠷᠠ ᠨᠢ ᠬᠠᠭᠤᠴᠢᠨ ᠪᠣᠯ ᠵᠣᠭᠰᠤᠭᠠᠯ ᠤᠳ ᠢ ᠵᠢᠭᠰᠠᠭᠠᠵᠤ ᠪᠢᠴᠢᠳᠡᠭ ᠪᠠᠶᠢᠭᠰᠠᠨ ᠪᠣᠯ ᠣᠳᠤ ᠭᠠᠵᠠᠷᠵᠦᠢ ᠶ᠋ᠢᠨ ᠵᠢᠷᠤᠭᠯᠠᠯ ᠳ᠋ᠤ ᠦᠨᠳᠦᠰᠦᠯᠡᠨ ᠴᠢᢉᠯᠡᠯ ᠢᠶᠡᠨ ᠣᠯᠬᠤ᠂ ᠬᠠᠮᠢᠭᠠᠰᠢ ᠪᠠᠨ ᠶᠠᠪᠤᠬᠤ ᠪᠠᠨ ᠲᠣᠳᠤᠷᠬᠠᠶᠢᠯᠠᠬᠤ ᠪᠣᠯᠤᠮᠵᠢ ᠶ᠋ᠢ ᠪᠦᠷᠢᠳᠦᢉᠦᠯᠦᢉᠡᠳ ᠪᠠᠶᠢᠨᠠ᠃ ᠠᠦ᠋ᠲ᠋ᠣᠪᠦ᠋ᠰ ᠦᠨ ᠵᠣᠭᠰᠤᠭᠠᠯ ᠦᠨ ᠮᠡᠳᠡᢉᠡᠯᠡᠯ ᠦᠨ ᠰᠠᠮᠪᠠᠷᠠ ᠳ᠋ᠠᠬᠢ ᠵᠢᠷᠤᠭᠯᠠᠯ ᠢ ᠰᠢᠨᠡᠴᠢᠯᠡᢉᠰᠡᠨ ᠢᠶᠡᠷ ᠢᠷᢉᠡᠳ ᠲᠦ ᠢᠯᠡᢉᠦᠦ ᠣᠶᠢᠯᠠᠭᠠᠮᠵᠢᠲᠠᠢ᠂ ᠮᠡᠳᠡᢉᠡᠯᠡᠯ ᠠᠪᠬᠤ ᠪᠣᠯᠤᠮᠵᠢ ᠨᠢ ᠨᠡᠮᠡᢉᠳᠡᠨᠡ᠃ ᠡᠨᠡ ᠳᠣᠯᠤᠭᠠ ᠬᠣᠨᠤᠭ ᠲᠤ ᠕᠐ ᠵᠣᠭᠰᠤᠭᠠᠯ ᠦᠨ ᠰᠠᠮᠪᠠᠷᠠ ᠶ᠋ᠢ ᠰᠢᠨᠡᠴᠢᠯᠡᠨᠡ᠃ ᠴᠠᠭᠠᠰᠢᠳᠠ ᠦᠶᠡ ᠱᠠᠲᠤ ᠲᠠᠢ ᠪᠠᠷ ᠪᠦᠬᠦ ᠠᠦ᠋ᠲ᠋ᠣᠪᠦ᠋ᠰ ᠦᠨ ᠪᠠᠭᠤᠳᠠᠯ ᠦᠨ ᠵᠣᠭᠰᠤᠭᠠᠯ ᠦᠨ ᠰᠠᠮᠪᠠᠷᠠ ᠶ᠋ᠢᠨ ᠵᠢᠷᠤᠭᠯᠠᠯ ᠢ ᠰᠢᠨᠡᠴᠢᠯᠡᠵᠦ ᠳᠠᠭᠤᠰᠬᠠᠨᠠ》 ᢉᠡᠯᠡ᠃