ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠰᠢᠯᠢᠳᠡᠭ ᠢᠨᠵᠧᠨᠧᠷ᠂ ᠲᠧᠬᠡᠨᠢᠭ  ᠦᠨ ᠠᠵᠢᠯᠲᠠᠨ ᠨᠤᠭᠤᠳ ᠰᠢᠯᠭᠠᠷᠠᠯ᠎ᠠ᠃

ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠢᠨ᠋ᠵᠧᠨᠧᠷ ᠲᠧᠻᠨᠢᠭ  ᠦᠨ ᠠᠵᠢᠯᠲᠠᠨ ᠨᠤᠭᠤᠳ  ᠦᠨ ᠳᠤᠮᠳᠠ ᠵᠠᠰᠠᠪᠤᠷᠢ ᠦᠶᠢᠯᠡᠴᠢᠯᠡᠭᠡ᠂ ᠤᠷ᠎ᠠ ᠴᠢᠳᠠᠪᠤᠷᠢ ᠶ᠋ᠢᠨ ᠲᠡᠮᠡᠴᠡᢉᠡᠨ  ᠢ ᠡᠨᠡ ᠰᠠᠷ᠎ᠠ ᠶ᠋ᠢᠨ ᠙- ᠪ ᠡᠳᠦᠷ ᠵᠣᠬᠢᠶᠠᠨ ᠪᠠᠶᠢᠭᠤᠯᠵᠤ ᠥᠨᠦᠳᠦᠷ ᠰᠢᠯᠢᠳᠡᠭ  ᠤᠳ  ᠢᠶᠡᠨ ᠲᠣᠳᠤᠷᠠᠭᠤᠯᠤᠯ᠎ᠠ᠃ 《ᠤᠯᠠᠭᠠᠨᠪᠠᠭᠠᠲᠤᠷ ᠬᠣᠲᠠ ᠶ᠋ᠢᠨ ᠬᠦᢉᠵᠢᠯ  ᠦᠨ ᠻᠣᠷᠫᠤᠷᠠᠼᠢ》 ᠬᠦᠻ᠂ 《Yutong bus》 ᠬᠦᠬᠡ-ᠡᠶᠢᠨ ᠬᠠᠮᠲᠤᠷᠠᠨ ᠵᠣᠬᠢᠶᠠᠨ ᠪᠠᠶᠢᠭᠤᠯᠤᠭᠰᠠᠨ ᠵᠠᠰᠠᠪᠤᠷᠢ ᠦᠢᠯᠡᠴᠢᠯᠡᠭᠡ᠂ᠤᠷ᠎ᠠ ᠴᠢᠳᠠᠪᠤᠷᠢ ᠶ᠋ᠢᠨ ᠲᠡᠮᠡᠴᠡᢉᠡᠨ ᠳ᠋ᠦ ᠪᠩᠬᠠᠭᠤ-  ᠦᠨ ᠵᠢᠨᠵᠤᠤ ᠬᠣᠲᠠ ᠳ᠋ᠤ ᠠᠦ᠋ᠲ᠋ᠣᠪᠦ᠋ᠰ  ᠦᠨ ᠵᠠᠰᠠᠪᠤᠷᠢ ᠦᠢᠯᠡᠴᠢᠯᠡᢉᠡᠨ ᠪ ᠴᠢᢉᠯᠡᠯ  ᠢᠶᠡᠷ ᠮᠡᠷᢉᠡᠰᠢᢉᠦᠯᠬᠦ ᠰᠤᠷᠭᠠᠯᠲᠠ ᠳ᠋ᠤ ᠬᠠᠮᠤᠷᠤᠭᠳᠠᠭᠰᠠᠨ ᠨᠡᠶᠢᠲᠡ ᠶ᠋ᠢᠨ ᠲᠡᢉᠡᢉᠡᠪᠦᠷᠢ ᠶ᠋ᠢᠨ ᠑᠗ ᠠᠵᠤ ᠠᠬᠤᠢ ᠶ᠋ᠢᠨ ᠨᠢᢉᠡᠴᠡ ᠪᠠᠶᠢᠭᠤᠯᠤᠯᠭ᠎ᠠ ᠶ᠋ᠢᠨ ᠓᠔ ᠢᠨᠵᠧᠨᠧᠷ᠂ ᠲᠧᠬᠡᠨᠢᠭ  ᠦᠨ ᠠᠵᠢᠯᠲᠠᠨ ᠣᠷᠤᠯᠴᠠᠭᠰᠠᠨ ᠶᠤᠮ᠃  ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠡᠷᠬᠢᠯᠡᢉᠴᠢ ᠠᠵᠤ ᠠᠬᠤᠢ ᠶ᠋ᠢᠨ ᠨᠢᢉᠡᠴᠡ ᠶ᠋ᠢᠨ ᠢᠨ᠋ᠵᠧᠨᠧᠷ ᠲᠧᠻᠨᠢᠭ  ᠦᠨ ᠠᠵᠢᠯᠲᠠᠨ ᠨᠤᠭᠤᠳ ᠵᠣᠬᠢᠶᠠᠮᠠᠯ  ᠢᠶᠠᠷ ᠡᢉᠦᠰᢈᠡᢉᠰᠡᠨ ᢉᠡᠮᠲᠦᠯ  ᠢ ᠬᠠᠮᠤᠭ  ᠦᠨ ᠪᠣᠭᠤᠨᠢ ᠬᠤᠭᠤᠴᠠᠭᠠᠨ ᠳ᠋ᠤ ᠢᠯᠡᠷᠡᢉᠦᠯᠵᠦ᠂ ᠵᠠᠰᠠᠬᠤ᠂ ᠬᠡᠡᠪ  ᠦᠨ ᠦᠢᠯᠡ ᠠᠵᠢᠯᠯᠠᠭᠠᠨ ᠳ᠋ᠤ ᠣᠷᠤᠭᠤᠯᠬᠤ ᠳ᠋ᠤ ᠬᠡᠷᠬᠢᠨ ᠠᠵᠢᠯᠯᠠᠵᠤ ᠪᠤᠢ ᠤᠷ᠎ᠠ ᠴᠢᠳᠠᠪᠤᠷᠢ ᠪᠠᠷ  ᠢᠶᠠᠨ ᠥᠷᠢᠰᠦᠯᠳᠦᢉᠰᠡᠨ ᠶᠤᠮ᠃

ᠤᠷᠤᠯᠳᠤᠭᠠᠨ ᠪ ᠲᠡᠷᠢᢉᠦᠨ ᠪᠠᠶᠢᠷᠢᠨ ᠳ᠋ᠤ

📍《ᠰᠤᠲᠠᠢ ᠶ᠋ᠢᠨ ᠪᠤᠶᠠᠨᠲᠤ》ᠬᠦᠭᠡ-ᠡᠶᠢᠨ ᠢᠨᠵᠧᠨᠧᠷ᠂ ᠲᠧᠬᠡᠨᠢᠭ  ᠦᠨ ᠠᠵᠢᠯᠲᠠᠨ ᠣ‍᠂ ᠮᠥᠩᢉᠦᠨᠬᠦᠦ᠂ ᠬᠣᠶᠠᠳᠤᠭᠠᠷ ᠪᠠᠶᠢᠷᠢᠨ ᠳ᠋ᠤ

📍《ᠵᠣᠷᠴᠢᠭᠴᠢ ᠲᠡᢉᠡᢉᠡᠪᠦᠷᠢ ᠬᠣᠶᠠᠷ》 ᠣᠨᠤᠭᠠᠲᠦ᠋ᢉ-  ᠦᠨ ᠢᠨᠵᠧᠨᠧᠷ᠂ ᠲᠧᠬᠡᠨᠢᠭ  ᠦᠨ ᠠᠵᠢᠯᠲᠠᠨ ᠪ‍᠂ ᠨᠢᠮᠠᠳᠣᠷᠵᠢ᠂ ᠭᠤᠷᠪᠠᠳᠤᠭᠠᠷ ᠪᠠᠶᠢᠷᠢᠨ ᠳ᠋ᠤ

📍 《ᠠᠦᠲ᠋ᠤᠪᠦᠰ ᠨᠢᢉᠡᠳᠦᠯ》ᠬᠦᠭᠡ-ᠡᠶᠢᠨ ᠢᠨᠵᠧᠨᠧᠷ᠂ ᠲᠧᠬᠡᠨᠢᠭ  ᠦᠨ ᠠᠵᠢᠯᠲᠠᠨ ᠪ᠃  ᠪᠠᠲᠤᠪᠣᠯᠤᠳ ᠨᠠᠷᠠ ᠰᠢᠯᠭᠠᠷᠠᠯ᠎ᠠ᠃  ᠲᠤᠰᠬᠠᠢ ᠪᠠᠶᠢᠷᠢᠨ ᠳ᠋ᠤ 《ᠵᠣᠷᠴᠢᠭᠴᠢ ᠲᠡᢉᠡᢉᠡᠪᠦᠷᠢ-᠔》 ᠣᠨᠤᠭᠠᠲᠦ᠋ᢉ-  ᠦᠨ ᠢᠨᠵᠧᠨᠧᠷ ᠳ᠋ᠠ‍᠂ᠪᠠᠲᠤᠵᠢᠷᠭᠠᠯ

《ᠵᠣᠷᠴᠢᠭᠴᠢ ᠲᠡᢉᠡᢉᠡᠪᠦᠷᠢ-᠔》 ᠣᠨᠤᠭᠠᠲᠦ᠋ᢉ-  ᠦᠨ ᠢᠨᠵᠧᠨᠧᠷ ᠶᠠ‍᠂ᡀᠠᠭᠪᠠᠵᠠᠪ

 

《ᠵᠣᠷᠴᠢᠭᠴᠢ ᠲᠡᢉᠡᢉᠡᠪᠦᠷᠢ-᠑》 ᠣᠨᠤᠭᠠᠲᠦ᠋ᢉ-ᠶᠤᠨ ᠢᠨᠵᠧᠨᠧᠷ ᠣ‍᠂ᠴᠣᠯᠮᠤᠨ ᠨᠠᠷᠠ ᠰᠢᠯᠭᠠᠷᠠᠯ᠎ᠠ᠃  ᠤᠷᠤᠯᠳᠤᠭᠠᠨ ᠲᠡᠮᠡᠴᠡᢉᠡᠨ ᠳ᠋ᠦ ᠪᠠᠭ ᠬᠠᠮᠲᠤ ᠣᠯᠠᠨ  ᠢᠶᠠᠨ ᠠᠮᠵᠢᠯᠲᠠᠢ ᠪᠡᠯᠡᠳᠬᠡᠨ ᠣᠷᠤᠯᠴᠠᠭᠤᠯᠤᠭᠰᠠᠨ ᠠᠵᠤ ᠠᠬᠤᠢ ᠶ᠋ᠢᠨ ᠨᠢᢉᠡᠴᠡ ᠡᠴᠡ 《ᠰᠤᠲᠠᠢ ᠶ᠋ᠢᠨ ᠪᠤᠶᠠᠨᠲᠤ》 ᢈᠾᠻᠠ᠂ 《ᠵᠣᠷᠴᠢᠭᠴᠢ ᠲᠡᢉᠡᢉᠡᠪᠦᠷᠢ ᠳᠥᠷᠪᠡ》 ᠣᠨᠤᠭᠠᠲᠦ᠋ᠭᠡ᠂ 《ᠵᠣᠷᠴᠢᠭᠴᠢ ᠲᠡᢉᠡᢉᠡᠪᠦᠷᠢ ᠨᠢᠭᠡ》 ᠣᠨᠤᠭᠠᠲᠦ᠋ᠭᠡ ᠰᠢᠯᠭᠠᠷᠠᠵᠤ ᠡᠷᢉᠦᠮᠵᠢᠯᠡᠯ ᠦᠨ᠎ᠡ ᠪᠦᠬᠦᠢ ᠵᠦᠶᠢᠯ  ᠢᠶᠡᠷ ᠱᠠᠩᠨᠠᠭᠤᠯᠤᠯ᠎ᠠ᠃