ᠠᠵᠢᠯ  ᠦᠨ ᠪᠠᠶᠢᠷᠢ ᠪᠠᠨ ᠲᠣᠬᠢᠵᠢᠭᠤᠯᠤᠭᠰᠠᠨ ᠰᠢᠯᠢᠳᠡᠭ ᠬᠡᠯᠲᠡᠰ  ᠢ ᠰᠢᠯᠭᠠᠷᠠᠭᠤᠯᠪᠠ

ᠨᠡᠶᠢᠰᠯᠡᠯ  ᠦᠨ ᠨᠤᠲᠤᠭ  ᠦᠨ ᠵᠠᠬᠢᠷᠭᠠᠨ ᠪ ᠪᠠᠶᠢᠭᠤᠯᠤᠯᠭ᠎ᠠ ᠨᠤᠭᠤᠳ  ᠦᠨ ᠲᠥᠪ ᠣᠷᠳᠤᠨ ᠠᠰᠢᠭᠯᠠᠯᠲᠠ ᠳ᠋ᠤ ᠣᠷᠤᠵᠤ᠂ ᠨᠡᠶᠢᠰᠯᠡᠯ  ᠦᠨ ᠬᠠᠷᠢᠶ᠎ᠠ ᠪᠠᠶᠢᠭᠤᠯᠤᠯᠭ᠎ᠠ ᠂ ᠭᠠᠵᠠᠷ᠂ ᠬᠡᠷᠡᢉᠵᠢᢉᠦᠯᠦᢉᠴᠢ ᠠᢉᠧᠨ᠋ᠲ᠋ᠯᠢᠭ  ᠤᠳ ᠨᠢᠭᠡ ᠳᠣᠣᠷ᠎ᠠ ᠲᠥᠪᠯᠡᠷᠡᠨ ᠠᠵᠢᠯᠯᠠᠬᠤ ᠪᠣᠯᠤᠭᠰᠠᠨ᠃  ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠡᠮᠡᢉᠲᠡᠶᠢᠴᠦᠳ  ᠦᠨ ᠵᠥᠪᠯᠡᠯ ᠡᠴᠡ ᠥᠪᠡᠷᠰᠡᠳ  ᠦᠨ ᠳᠣᠲᠤᠭᠠᠳᠤ ᠨᠥᢉᠡᠴᠡ ᠪᠣᠯᠤᠯᠴᠠᠭ᠎ᠠ ᠪᠠᠨ ᠠᠰᠢᠭᠯᠠᠨ ᠠᠵᠢᠯ  ᠦᠨ ᠥᠷᠦᠭᠡ ᠪᠡᠨ ᠲᠣᠬᠢᠵᠢᠭᠤᠯᠬᠤ᠂ ᠠᠶ᠎ᠠ ᠲᠤᠬᠠᠲᠠᠢ ᠣᠷᠴᠢᠨ  ᠢ ᠪᠦᠷᠢᠳᠦᢉᠦᠯᠬᠦ ᠤᠷᠤᠯᠳᠤᠭᠠᠨ ᠵᠠᠷᠯᠠᠭᠰᠠᠨ  ᠢᠶᠠᠨ ᠥᠨᠦᠳᠦᠷ ᠳ᠋ᠦᠩᠨᠡᠯ᠎ᠡ᠃ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠳᠠᠷᠤᠭ᠎ᠠ ᠳ‍᠂ ᠣᠳᠬᠠᠨᠵᠢᠷᠭᠠᠯ ᠲᠡᠷᠢᢉᠦᠨ ᠪᠠᠶᠢᠷᠢᠨ ᠳ᠋ᠤ ᠣᠷᠤᠭᠰᠠᠨ ᠰᠠᠩᠬᠦᠦ᠂ ᠠᠵᠤ ᠠᠬᠤᠢ ᠶ᠋ᠢᠨ ᠬᠡᠯᠲᠡᠰ᠂ ᠤᠳᠠᠭᠠᢈᠢ ᠪᠠᠶᠢᠷᠢᠨ ᠳ᠋ᠤ ᠣᠷᠤᠭᠰᠠᠨ ᠵᠣᠷᠴᠢᠭᠴᠢ ᠲᠡᢉᠡᢉᠡᠪᠦᠷᠢ ᠬᠡᠯᠲᠡᠰ᠂ ᠬᠢᠨᠠᠯᠲᠠ ᠰᠢᠯᠭᠠᠯᠲᠠ ᠶ᠋ᠢᠨ ᠬᠡᠯᠲᠡᠰ  ᠦᠨ ᠬᠠᠮᠲᠤ ᠣᠯᠠᠨ ᠳ᠋ᠤ ᠪᠠᠶᠠᠷ ᠬᠦᠷᢉᠡᠨ᠂ ᠳᠤᠷᠠᠰᠬᠠᠯ  ᠦᠨ ᠵᠦᠶᠢᠯ ᠭᠠᠷᠳᠠᠭᠤᠯᠪᠠ᠃  ᠳᠣᠲᠤᠭᠠᠳᠤ ᠨᠥᢉᠡᠴᠡ ᠪᠣᠯᠤᠯᠴᠠᠭ᠎ᠠ ᠪᠠᠨ ᠠᠰᠢᠭᠯᠠᠨ ᠠᠵᠢᠯ  ᠦᠨ ᠪᠠᠶᠢᠷᠢᠨ ᠳ᠋ᠤ ᠪᠠᠨ ᠲᠣᠬᠢᠵᠢᠯᠲᠠ ᠬᠢᢉᠰᠡᠨ ᠪᠠᠶᠢᠭᠤᠯᠤᠯᠭ᠎ᠠ ᠶ᠋ᠢᠨ ᠨᠡᠶᠢᠲᠡ ᠬᠠᠮᠲᠤ ᠣᠯᠠᠨ ᠳ᠋ᠤ ᠲᠠᠯᠠᠷᠬᠠᠯ ᠢᠯᠡᠷᠬᠡᠶᠢᠯᠡᠵᠦ᠂ ᠠᠵᠢᠯ  ᠦᠨ ᠠᠮᠵᠢᠯᠲᠠ ᠬᠦᠰᠡᠶ᠎ᠡ᠃