ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠦᠶ᠎ᠡ ᠦᠶ᠎ᠡ ᠶ᠋ᠢᠨ ᠳᠠᠷᠤᠭ᠎ᠠ ᠨᠠᠷ ᠲᠠᠢ ᠠᠭᠤᠯᠵᠠᠯ᠎ᠠ

ᠮᠣᠩᠭᠣᠯ ᠤᠯᠤᠰ ᠲᠤ ᠠᠦ᠋ᠲ᠋ᠣ᠋ ᠲᠡᢉᠡᢉᠡᠪᠦᠷᠢ ᠶ᠋ᠢᠨ ᠰᠠᠯᠪᠤᠷᠢ ᠡᢉᠦᠰᠴᠦ ᠬᠦᢉᠵᠢᢉᠰᠡᠨ ᠪ ᠑᠐᠐ ᠵᠢᠯ  ᠦᠨ ᠣᠢ ᠶ᠋ᠢᠨ ᠬᠦᠷᠢᠶᠡᠨ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠲᠡᠢ ᠬᠣᠯᠪᠤᠭ᠎ᠠ ᠲᠠᠢ ᠨᠣᠮ᠂ ᠮᠠᠲ᠋ᠧᠷᠢᠠᠯ᠂ ᢉᠡᠷᠡᠯ ᠵᠢᠷᠤᠭ᠂ ᠲᠡᠦᠭᠡ ᠶ᠋ᠢ ᢉᠡᠷᠡᠴᠢᠯᠡᠬᠦ ᠪᠠᠷᠢᠮᠲᠠ ᠶ᠋ᠢ ᠬᠠᠳᠠᠭᠠᠯᠠᠵᠤ ᠦᠯᠡᠳᠡᠬᠦ ᠠᠵᠢᠯ  ᠢ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠬᠠᠮᠲᠤ ᠣᠯᠠᠨ ᠡᠬᠢᠯᠡᢉᠦᠯᠦᢉᠰᠡᠨ᠃

ᠡᠨᠡ ᠬᠦᠷᠢᠶᠡᠨ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠦᠶ᠎ᠡ ᠦᠶ᠎ᠡ ᠶ᠋ᠢᠨ ᠳᠠᠷᠤᠭ᠎ᠠ ᠨᠠᠷ ᠪᠣᠯᠤᠨ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠠᠬᠠᠮᠠᠳ  ᠦᠨ ᠬᠣᠷᠢᠶᠠᠨ ᠪ ᠳᠠᠷᠤᠭ᠎ᠠ᠂ ᠤᠳᠤᠷᠢᠳᠬᠤ ᠵᠥᠪᠯᠡᠯ  ᠦᠨ ᢉᠡᠰᠢᢉᠦᠳ ᠲᠡᠢ ᠥᠨᠦᠳᠦᠷ ᠲᠤᠰ ᠭᠠᠵᠠᠷ  ᠦᠨ ᠳᠠᠷᠤᠭ᠎ᠠ ᠳ‍᠂ ᠣᠳᠬᠠᠨᠵᠢᠷᠭᠠᠯ ᠠᠭᠤᠯᠵᠠᠯ᠎ᠠ᠃  ᠲᠤᠰ ᠠᠭᠤᠯᠵᠠᠯᠲᠠ ᠳ᠋ᠤ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠠᠬᠠᠮᠠᠳ  ᠦᠨ ᠬᠣᠷᠢᠶᠠᠨ ᠪ ᠳᠠᠷᠤᠭ᠎ᠠ ᠨᠠ‍᠂ ᠨᠢᠮᠠᠳᠠᠸᠠ᠂ᠨᠡᠶᠢᠰᠯᠡᠯ  ᠦᠨ ᠵᠠᠮ ᠲᠡᢉᠡᢉᠡᠪᠦᠷᠢ ᠶ᠋ᠢᠨ ᠭᠠᠵᠠᠷ  ᠦᠨ ᠳᠠᠷᠤᠭ᠎ᠠ ᠠᠰᠠᠨ ᠲ‍᠂ᠫᠦᠷᠪᠦᠳᠣᠷᠵᠢ᠂ ᠬᠣᠲᠠ ᠶ᠋ᠢᠨ ᠲᠡᢉᠡᢉᠡᠪᠦᠷᠢ ᠶ᠋ᠢ ᠤᠳᠤᠷᠢᠳᠬᠤ ᠭᠠᠵᠠᠷ  ᠦᠨ ᠳᠠᠷᠤᠭ᠎ᠠ ᠠᠰᠠᠨ ᠵᠢ᠃ ᠰᠡᠷᠡᠶᠢᠲᠡᠷ᠂ ᠨᠡᠶᠢᠰᠯᠡᠯ  ᠦᠨ ᠨᠡᠶᠢᠲᠡ ᠶ᠋ᠢᠨ ᠲᠡᢉᠡᢉᠡᠪᠦᠷᠢ ᠶ᠋ᠢᠨ ᠭᠠᠵᠠᠷ  ᠦᠨ ᠳᠠᠷᠤᠭ᠎ᠠ ᠠᠰᠠᠨ ᠫ᠃  ᠨᠠᠷᠠᠨᠴᠡᠴᠡᠡ᠂ ᠬᠣᠲᠠ ᠶ᠋ᠢᠨ ᠲᠡᢉᠡᢉᠡᠪᠦᠷᠢ ᠶ᠋ᠢ ᠤᠳᠤᠷᠢᠳᠬᠤ ᠭᠠᠵᠠᠷ  ᠦᠨ ᠳᠠᠷᠤᠭ᠎ᠠ ᠠᠰᠠᠨ ᠯᠠ᠃  ᠲᠦᠳᠦᠪ᠂ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠠᠬᠠᠮᠠᠳ  ᠦᠨ ᠬᠣᠷᠢᠶᠠᠨ ᠪ ᠤᠳᠤᠷᠢᠳᠬᠤ ᠵᠥᠪᠯᠡᠯ  ᠦᠨ ᢉᠡᠰᠢᢉᠦᠨ ᠪ‍᠂ ᠳᠣᠷᠯᠢᠭ᠂ ᠳ‍᠂ ᠳᠠᠰᠢᠳᠤᠯᠮ᠎ᠠ᠂ ᠰ‍᠂ᠭᠠᠩᠬᠤᠶᠠᠭ ᠭ‍᠂ ᡀᠠᠮᠣᠰᠦ᠋ᠷᠦᠩ ᠨᠠᠷ ᠣᠷᠤᠯᠴᠠᠯ᠎ᠠ᠃

ᠡᠨᠡ ᠬᠦ ᠠᠭᠤᠯᠵᠠᠯᠲᠠ ᠪᠠᠷ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠲᠠᠢ ᠬᠣᠯᠪᠤᠭ᠎ᠠ ᠲᠠᠢ ᠨᠣᠮ᠂ ᠮᠠᠲ᠋ᠧᠷᠢᠠᠯ᠂ ᠵᠢᠷᠤᠭ ᠨᠡᠩ ᠬᠣᠪᠤᠷ ᠪᠠᠶᠢᠳᠠᠭ ᠲᠤᠯᠠ ᠲᠡᠦᠭᠡ ᠶ᠋ᠢ ᢉᠡᠷᠡᠴᠢᠯᠡᠬᠦ ᠬᠣᠯᠪᠤᠭ᠎ᠠ ᠲᠠᠢ ᠵᠦᠢᠯᠡᠰ  ᠢ ᠴᠤᠭᠯᠠᠭᠤᠯᠬᠤ ᠠᠵᠢᠯ ᠳ᠋ᠤ ᠬᠠᠮᠲᠤᠷᠠᠨ ᠠᠵᠢᠯᠯᠠᠬᠤ ᠶ᠋ᠢ ᠬᠦᠰᠡᠯ᠎ᠡ᠃  ᠤᠭ ᠠᠭᠤᠯᠵᠠᠯᠲᠠ ᠶ᠋ᠢᠨ ᠦᠶ᠎ᠡ ᠪᠡᠷ ᠠᠬᠠᠮᠠᠳ ᠠᠵᠢᠯᠲᠠᠨ ᠭ‍᠂ ᡀᠠᠮᠣᠰᠦ᠋ᠷᠦᠩ ᠨᠡᠶᠢᠲᠡ ᠶ᠋ᠢᠨ ᠲᠡᢉᠡᢉᠡᠪᠦᠷᠢ ᠲᠡᠢ ᠬᠣᠯᠪᠤᠭ᠎ᠠ ᠲᠠᠢ ᠠᠷᠬᠢᠸ ᠡᠴᠠ ᠴᠤᠭᠯᠠᠭᠤᠯᠤᠭᠰᠠᠨ ᠪᠠᠷᠢᠮᠲᠠ ᠮᠠᠲ᠋ᠧᠷᠢᠠᠯ  ᠢᠶᠠᠨ ᠪᠠᠶᠢᠭᠤᠯᠤᠯᠭ᠎ᠠ ᠳ᠋ᠤ ᠬᠦᠯᠢᠶᠡᠯᢉᠡᠨ ᠥᢉᠪᠡ᠃