ᠲ‍᠂ᠲᠡᢉᠦᠯᠳᠡᠷ: ᠵᠣᠷᠴᠢᠭᠴᠢ ᠢᠷᢉᠡᠨ ᠪ ᠦᠨᠡᠮᠯᠡᠬᠦ ᠪᠡᠷ  ᠢᠶᠡᠨ ᠨᠡᠶᠢᠲᠡ ᠶ᠋ᠢᠨ ᠲᠡᢉᠡᢉᠡᠪᠦᠷᠢ ᠪᠡᠷ ᠦᠢᠯᠡᠴᠢᠯᠡᢉᠦᠯᠬᠦ ᠪᠣᠯᠤᠮᠵᠢ ᠪᠦᠷᠢᠳᠦᠨ᠎ᠡ

ᠤᠯᠤᠰ  ᠦᠨ ᠪᠦᠷᠢᠳᢈᠡᠯ  ᠦᠨ ᠶᠡᠷᠦᠩᠬᠡᠢ ᠭᠠᠵᠠᠷ ᠡᠴᠠ ᠢᠷᢉᠡᠨ ᠪ ᠦᠨᠡᠮᠯᠡᠬᠦ ᠶ᠋ᠢ ᠨᠡᠶᠢᠲᠡ ᠶ᠋ᠢᠨ ᠲᠡᢉᠡᢉᠡᠪᠦᠷᠢ ᠳ᠋ᠦ ᠠᠰᠢᠭᠯᠠᠬᠤ ᠰᠠᠨᠠᠯ ᠭᠠᠷᠭᠠᠭᠰᠠᠨ ᠪ ᠳᠠᠭᠠᠭᠤ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠳᠠᠷᠤᠭ᠎ᠠ ᠳ‍᠂ ᠣᠳᠬᠠᠨᠵᠢᠷᠭᠠᠯ᠂ ᠬᠡᠯᠲᠡᠰ  ᠦᠨ ᠳᠠᠷᠤᠭ᠎ᠠ ᠨᠠᠷᠠ᠂ ᠨᠵᠤᠳᠠᠲᠤᠭ-  ᠦᠨ ᠮᠡᠳᠡᢉᠡᠯᠡᠯ ᠲᠧᠻᠨᠣᠯᠣᢉᠢ ᠶ᠋ᠢᠨ ᠭᠠᠵᠠᠷ᠂ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠲᠥᠯᠦᠪᠦᠷᠢ ᠮᠡᠳᠡᢉᠡᠯᠡᠯ  ᠦᠨ ᠰᠢᠰᠲ᠋ᠧᠮ ᠨᠡᠪᠲᠡᠷᠡᢉᠦᠯᠦᢉᠴᠢ ᠲᠥᠰᠦᠯ ᠬᠡᠷᠡᢉᠵᠢᢉᠦᠯᠦᢉᠴᠢᠳ  ᠦᠨ ᠬᠠᠮᠲᠤ ᠠᠭᠤᠯᠵᠠᠯᠲᠠ ᠵᠣᠬᠢᠶᠠᠨ ᠪᠠᠶᠢᠭᠤᠯᠤᠯ᠎ᠠ᠃

ᠤᠯᠤᠰ  ᠦᠨ ᠪᠦᠷᠢᠳᠬᠡᠯ  ᠦᠨ ᠶᠡᠷᠦᠩᠬᠡᠢ ᠭᠠᠵᠠᠷ  ᠦᠨ ᠢᠷᢉᠡᠨ ᠪ ᠤᠯᠤᠰ  ᠦᠨ ᠪᠦᠷᠢᠳᢈᠡᠯ  ᠦᠨ ᠭᠠᠵᠠᠷ  ᠦᠨ ᠳᠠᠷᠤᠭ᠎ᠠ ᠲᠠ᠃ ᠲᠡᢉᠦᠯᠳᠡᠷ᠂ ᠮᠡᠳᠡᢉᠡᠯᠡᠯ ᠲᠧᠻᠨᠣᠯᠣᢉᠢ ᠶ᠋ᠢᠨ ᠭᠠᠵᠠᠷ  ᠦᠨ ᠫᠷᠣᢉᠷᠠᠮᠮᠢᠰᠲ ᠴᠤ᠃  ᠳᠡᠯᢉᠡᠷᠪᠠᠶᠠᠷ ᠨᠠᠷ ᠮᠡᠳᠡᢉᠡᠯᠡᠯ ᠰᠣᠯᠢᠯᠴᠠᠵᠤ᠂ ᠢᠷᢉᠡᠨ ᠪ ᠴᠠᠬᠢᠮ ᠦᠨᠡᠮᠯᠡᠬᠦ ᠳ᠋ᠦ ᠰᠠᠭᠤᠷᠢᠯᠠᠭᠰᠠᠨ ᠣᠶᠢᠷ᠎ᠠ ᠶ᠋ᠢᠨ ᠵᠠᠢ ᠡᠴᠠ ᠮᠡᠳᠡᢉᠡᠯᠡᠯ ᠰᠣᠯᠢᠯᠴᠠᠬᠤ ᠲᠧᠻᠨᠣᠯᠣᢉᠢ ᠶ᠋ᠢ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠳ᠋ᠦ ᠨᠡᠪᠲᠡᠷᠡᢉᠦᠯᠦᢉᠰᠡᠨ  ᠢᠶᠡᠷ ᠨᠡᠶᠢᠲᠡ ᠶ᠋ᠢᠨ ᠲᠡᢉᠡᢉᠡᠪᠦᠷᠢ ᠪᠡᠷ ᠵᠣᠷᠴᠢᠬᠤ ᠡᠳᠦᠷ ᠲᠤᠲᠤᠮ  ᠦᠨ ᠲᠥᠯᠦᠪᠦᠷᠢ ᠶ᠋ᠢᠨ ᠦᠢᠯᠡ ᠠᠵᠢᠯᠯᠠᠭ᠎ᠠ ᠶ᠋ᠢ ᠬᠦᠩᢉᠡᠪᠴᠢᠯᠡᠬᠦ ᠪᠣᠯᠤᠮᠵᠢ ᠶ᠋ᠢᠨ ᠲᠠᠯ᠎ᠠ ᠪᠠᠷ ᠶᠠᠷᠢᠯᠴᠠᠯ᠎ᠠ᠃  ᠮᠡᠳᠡᢉᠡᠯᠡᠯ ᠰᠣᠯᠢᠯᠴᠠᠨ ᠬᠠᠮᠲᠤᠷᠠᠨ ᠠᠵᠢᠯᠯᠠᠭᠰᠠᠨ  ᠢᠶᠠᠷ ᠣᠯᠠᠨ ᠳᠠᠪᠠᠭᠤ ᠲᠠᠯ᠎ᠠ ᠪᠤᠢ ᠪᠣᠯᠤᠨ᠎ᠠ᠃  ᠲᠤᠬᠠᠶᠢᠯᠠᠪᠠᠯ: ᠬᠦᠳᠡᠭᠡ ᠣᠷᠤᠨ ᠨᠤᠲᠤᠭ ᠡᠴᠠ ᠢᠷᠡᢉᠰᠡᠨ ᠥᠨᠳᠦᠷ ᠨᠠᠰᠤᠲᠠᠨ ᠬᠣᠲᠠ ᠳ᠋ᠤ ᠢᠷᠡᢉᠡᠳ ᠨᠡᠶᠢᠲᠡ ᠶ᠋ᠢᠨ ᠲᠡᢉᠡᢉᠡᠪᠦᠷᠢ ᠪᠡᠷ ᠦᠢᠯᠡᠴᠢᠯᠡᢉᠦᠯᠬᠦ ᠱᠠᠭᠠᠷᠳᠠᠯᠭ᠎ᠠ ᠭᠠᠷᠬᠤ ᠳ᠋ᠤ ᠻᠠᠷᠲ ᠬᠤᠳᠠᠯᠳᠤᠨ ᠠᠪᠴᠤ ᠴᠡᠨᠡᢉᠯᠡᠬᠦ᠂ ᠨᠢᠭᠡ ᠴᠡᠭ  ᠦᠨ ᠦᠢᠯᠡᠴᠢᠯᠡᢉᠡᠨ ᠳ᠋ᠦ ᠳ᠋ᠤᠭᠠᠷᠯᠠᠬᠤ ᠱᠠᠭᠠᠷᠳᠠᠯᠭ᠎ᠠ ᠦᢉᠡᠢ ᠪᠣᠯᠵᠤ᠂ ᠴᠠᠭ ᠬᠤᠭᠤᠴᠠᠭ᠎ᠠ ᠬᠡᠮᠨᠡᠨ ᠰᠢᠭᠤᠳ ᠢᠷᢉᠡᠨ ᠪ ᠦᠨᠡᠮᠯᠡᠬᠦ ᠪᠡᠨ ᠤᠩᠰᠢᠭᠤᠯᠵᠤ ᠵᠣᠷᠴᠢᠬᠤ ᠪᠣᠯᠤᠮᠵᠢ ᠪᠤᠢ ᠪᠣᠯᠬᠤ ᠶᠤᠮ᠃