ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠳᠠᠷᠤᠭᠠ ᠳ᠂ ᠣᠳᠬᠠᠨᠵᠢᠷᠭᠠᠯ᠂ ᠪᠦᠷᠢᠳᢈᠡᠯ᠂ ᠲᠧᠬᠡᠨᠢᠭ ᠲᠧᠻᠨᠤᠯᠤᢉᠢ ᠶ᠋ᠢᠨ ᠬᠡᠯᠲᠡᠰ ᠦᠨ ᠳᠠᠷᠤᠭᠠ ᠮᠠ᠂ᠮᠥᠩᢈᠡᠪᠠᠶᠠᠷ ᠨᠠᠷᠠ ᠪᠥᠰᠦ- ᠦᠨ ᠲᠡᢉᠡᢉᠡᠪᠦᠷᠢ ᠶ᠋ᠢᠨ ᠠᠶᠤᠯ ᠦᢉᠡᠢ ᠪᠠᠶᠢᠳᠠᠯ ᠦᠨ ᠭᠠᠵᠠᠷ ᠦᠨ ᠳᠡᠳ᠋ ᠶᠡᠷᠦᠩᢈᠡᠶᠢᠯᠡᢉᠴᠢ ᠻᠢᠮ ᠦᠩ ᠢ ᠶᠣᠩᠭᠤ᠂ 《ᠮᠣᠩᠭᠣᠯ ᠤᠯᠤᠰ ᠦᠨ ᠠᠦᠲ᠋ᠤ ᠲᠡᢉᠡᢉᠡᠪᠦᠷᠢ ᠶ᠋ᠢᠨ ᠬᠡᠷᠡᢉᠰᠡᠯ ᠦᠨ ᠲᠧᠬᠡᠨᠢᠭ ᠦᠨ ᠬᠢᠨᠠᠯᠲᠠ ᠶ᠋ᠢᠨ ᠴᠢᠳᠠᠪᠬᠢ ᠶ᠋ᠢ ᠪᠡᠬᠢᠵᠢᢉᠦᠯᠵᠦ᠂ ᠵᠠᠮ ᠦᠨ ᠬᠦᠳᠡᠯᢉᠡᢉᠡᠨ ᠪ ᠠᠶᠤᠯ ᠦᢉᠡᠢ ᠪᠠᠶᠢᠳᠠᠯ ᠢ ᠰᠠᠶᠢᠵᠢᠷᠠᠭᠤᠯᠬᠤ》 ᠲᠥᠰᠦᠯ ᠦᠨ ᠤᠳᠤᠷᠢᠳᠤᠭᠴᠢ ᠫᠠᠻ ᠰᠠᠩ ᠢ ᠤᠩ ᠢ ᠨᠠᠷ ᠲᠠᠢ ᠠᠭᠤᠯᠵᠠᠯᠠ᠃
ᠤᠯᠠᠭᠠᠨᠪᠠᠭᠠᠲᠤᠷ ᠬᠣᠲᠠ ᠶ᠋ᠢᠨ ᠠᠭᠠᠷ ᠦᠨ ᠴᠢᠨᠠᠷ ᠢ ᠰᠠᠶᠢᠵᠢᠷᠠᠭᠤᠯᠬᠤ᠂ ᠠᠦ᠋ᠲ᠋ᠣ᠋ ᠲᠡᢉᠡᢉᠡᠪᠦᠷᠢ ᠶ᠋ᠢᠨ ᠬᠡᠷᠡᢉᠰᠡᠯ ᠦᠨ ᠲᠧᠻᠨᠢᠭ ᠦᠨ ᠬᠢᠨᠠᠯᠲᠠ ᠶ᠋ᠢᠨ ᠦᠵᠡᠯᠭᠡ ᠶ᠋ᠢᠨ ᠲᠧᠻᠨᠢᠭ ᠦᠨ ᠳᠡᠮᠵᠢᠯᠭᠡ ᠦᠵᠡᢉᠦᠯᠵᠦ ᠴᠢᠳᠠᠪᠬᠢᠵᠢᠭᠤᠯᠬᠤ ᠲᠥᠰᠦᠯ ᠨᠢ ᠮᠣᠩᠭᠣᠯ ᠤᠯᠤᠰ ᠦᠨ ᠒᠑ ᠠᠶᠢᠮᠠᠭ᠂ ᠤᠯᠠᠭᠠᠨᠪᠠᠭᠠᠲᠤᠷ ᠬᠣᠲᠠ ᠳ᠋ᠤ ᠬᠡᠷᠡᢉᠵᠢᠬᠦ ᠶᠤᠮ᠃ ᠲᠥᠰᠦᠯ ᠦᠨ ᠦᠢᠯᠡ ᠶᠠᠪᠤᠴᠠ᠂ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠬᠡᠷᠬᠢᠨ ᠬᠠᠮᠲᠤᠷᠠᠨ ᠠᠵᠢᠯᠯᠠᠬᠤ ᠪᠣᠯᠤᠮᠵᠢ ᠲᠠᠢ ᠲᠠᠯᠠᠭᠠᠷ ᠮᠡᠳᠡᢉᠡᠯᠡᠯ ᠰᠣᠯᠢᠯᠴᠠᠵᠤ ᠰᠠᠨᠠᠯ ᠬᠤᠪᠢᠶᠠᠯᠴᠠᠪᠠ᠃ ᠲᠥᠰᠦᠯ ᠬᠡᠷᠡᢉᠵᠢᢉᠰᠡᠨ ᠢᠶᠡᠷ ᠨᠡᠶᠢᠰᠯᠡᠯ ᠦᠨ ᠠᠭᠠᠷ ᠦᠨ ᠴᠢᠨᠠᠷ ᠰᠠᠶᠢᠵᠢᠷᠠᠬᠤ ᠡᠴᠠ ᠭᠠᠳᠠᠨᠠ ᠲᠡᢉᠡᢉᠡᠪᠦᠷᠢ ᠶ᠋ᠢᠨ ᠬᠡᠷᠡᢉᠰᠡᠯ ᠦᠨ ᠠᠶᠤᠯ ᠦᢉᠡᠢ ᠪᠠᠶᠢᠳᠠᠯ ᠢ ᠨᠡᠮᠡᢉᠳᠡᢉᠦᠯᠵᠦ ᠵᠠᠮ ᠢᠶᠠᠷ᠂ ᠵᠠᠮ ᠲᠡᢉᠡᢉᠡᠪᠦᠷᠢ ᠶ᠋ᠢᠨ ᠣᠰᠤᠯ ᠡᠴᠠ ᠤᠷᠢᠳᠴᠢᠯᠠᠨ ᠰᠡᠷᢉᠡᠶᠢᠯᠡᠬᠦ ᠣᠯᠠᠨ ᠳᠠᠪᠠᠭᠤ ᠲᠠᠯᠠ ᠲᠠᠢ ᠶᠤᠮ᠃