ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠲᠤ ᠢᠷᢉᠡᠳ ᠡᠴᠡ ᠢᠷᠡᢉᠰᠡᠨ ᠲᠠᠯᠠᠷᠬᠠᠯ ᠢ ᠬᠦᠯᠢᠶᠡᠨ ᠠᠪᠴᠤ᠂ ᠰᠠᠨᠠᠯ᠂ ᠭᠣᠮᠤᠳᠠᠯ᠂ ᠬᠦᠰᠡᠯᠲᠡ ᠪᠦᠷᠢ ᠶ᠋ᠢ ᠲᠤᠬᠠᠢ ᠪᠦᠷᠢ ᠳ᠋ᠦ ᠨᠢ ᠰᠢᠢᠳᠪᠦᠷᠢᠯᠡᠨ ᠠᠵᠢᠯᠯᠠᠵᠤ ᠪᠠᠶᠢᠨᠠ᠃ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠗᠐᠐᠔᠔᠐᠔᠐ ᠳ᠋ᠤᠭᠠᠷ ᠦᠨ ᠤᠲᠠᠰᠤᠨ ᠳ᠋ᠤ ᠒᠐᠒᠕ ᠣᠨ ᠪ ᠐᠘ ᠳ᠋ᠤᠭᠠᠷ ᠰᠠᠷᠠ ᠶ᠋ᠢᠨ ᠒᠖-ᠨᠠᠭᠠᠰᠤ ᠐᠙ ᠳ᠋ᠦ᠋ᢉᠡᠷ ᠰᠠᠷᠠ ᠶ᠋ᠢᠨ ᠐᠓- ᠪ ᠡᠳᠦᠷ ᠢᠷᢉᠡᠳ ᠡᠴᠡ ᠢᠷᠡᢉᠰᠡᠨ ᠲᠠᠯᠠᠷᠬᠠᠯ᠂ ᠰᠠᠨᠠᠯ᠂ ᠬᠦᠰᠡᠯᠲᠡ᠂ ᠭᠣᠮᠤᠳᠠᠯ ᠢ ᠬᠡᠷᠬᠢᠨ ᠰᠢᠢᠳᠪᠦᠷᠢᠯᠡᢉᠰᠡᠨ ᠢ ᠬᠦᠷᠬᠡᠵᠦ ᠪᠠᠶᠢᠨᠠ᠃ ᠲᠠᠯᠠᠷᠬᠠᠯ: ᠪᠠᠶᠠᠨᠵᠢᠷᠦᠭᠡ ᠳᠡᢉᠦᠷᠭᠡ ᠶ᠋ᠢᠨ ᠢᠷᢉᠡᠨ ᠤᠷᠠᠨᠴᠡᠴᠡᠢ: ᠴᠤ:᠖᠑ (ᠲᠡᠴᠡ-᠓-ᠣᠹᠢᠼᠧᠷ ᠦᠳ ᠦᠨ ᠣᠷᠳᠤᠨ) ᠴᠢᢉᠯᠡᠯ ᠦᠨ 《ᠰᠤᠲᠠᠶᠢᠨᠪᠤᠶᠠᠨᠲᠤ》 ᠬᠦᠭᠡ-ᠡᠶᠢᠨ ᠕-᠒᠓᠓ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠰ᠂ᠲᠦᠮᠡᠨᠵᠢᠷᠭᠠᠯ ᠵᠣᠷᠴᠢᠭᠴᠢ ᠲᠠᠢ ᠵᠥᠪ ᠪᠣᠯᠪᠠᠰᠤᠨ ᠬᠠᠷᠢᠴᠠᠵᠤ ᠪᠠᠶᠢᠭᠠᠳ ᠮᠠᠰᠢ ᠶᠡᠭᠡ ᠪᠠᠶᠠᠷᠯᠠᠯᠠ᠃ ᠠᠵᠢᠯ ᠦᠨ ᠥᠨᠳᠦᠷ ᠠᠮᠵᠢᠯᠲᠠ ᠬᠦᠰᠡᠶᠡ᠃
📍ᠢᠷᢉᠡᠨ ᠪ ᠭᠣᠮᠤᠳᠠᠯ: ᠰᠣᠩᢉᠢᠨᠠᠬᠠᠶᠢᠷᠬᠠᠨ ᠳᠡᢉᠦᠷᠭᠡ ᠶ᠋ᠢᠨ ᠢᠷᢉᠡᠨ ᠬᠦᠷᠡᠯᠪᠠᠭᠠᠲᠤᠷ: 《ᠵᠣᠷᠴᠢᠭᠴᠢ ᠲᠡᢉᠡᢉᠡᠪᠦᠷᠢ-ᠭᠤᠷᠪᠠ》 ᠣᠨᠤᠭᠠᠲᠦ᠋ᠢ- ᠦᠨ ᠓-᠑᠐᠑ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠴᠤ:᠑᠓ (ᠲᠠᠬᠢᠯᠲᠤ-᠓-ᠷ ᠡᠮᠨᠡᠯᠭᠡ) ᠴᠢᢉᠯᠡᠯ ᠳ᠋ᠦ ᠠᠵᠢᠯᠯᠠᠬᠤ ᠳ᠋ᠤ ᠪᠠᠨ ᠣᠷᠪᠢᠲ ᠦᠨ ᠬᠠᠭᠤᠴᠢᠨ ᠡᠴᠦᠰ ᠳᠡᢉᠡᠷᠡ ᠬᠡᠦᠬᠡᠳ ᠲᠡᠢ ᠬᠦᠮᠦᠰ ᠪᠠᠭᠤᠵᠤ ᠠᠮᠵᠢᠭᠠ ᠦᢉᠡᠢ ᠪᠠᠶᠢᠬᠤ ᠳ᠋ᠤ ᠬᠠᠭᠠᠯᠭᠠ ᠬᠠᠭᠠᠵᠤ ᠬᠠᠪᠴᠢᠭᠰᠠᠨ᠃ ᠠᠷᠭᠠ ᠬᠡᠮᠵᠢᠶᠡ ᠠᠪᠴᠤ ᠥᢉᢉᠦᠨᠡ ᠦᠦ᠃
📍 ᠰᠢᠶᠢᠳᠪᠦᠷᠢᠯᠡᠯᠲᠡ: 《ᠵᠣᠷᠴᠢᠭᠴᠢ ᠲᠡᢉᠡᢉᠡᠪᠦᠷᠢ ᠭᠤᠷᠪᠠ》 ᠣᠨᠤᠭᠠᠲᠦ᠋ᢉ- ᠦᠨ ᠠᠦᠲ᠋ᠤᠪᠦᠰ ᠦᠨ ᠵᠢᠯᠤᠭᠤᠴᠢ ᠬᠠ᠃ ᠵᠢ-ᠳ ᠲᠣᠷᠭᠠᠭᠤᠯᠢ ᠶ᠋ᠢᠨ ᠠᠷᠭᠠ ᠬᠡᠮᠵᠢᠶᠡ ᠠᠪᠤᠭᠰᠠᠨ᠃
📍 ᠢᠷᢉᠡᠨ ᠪ ᠭᠣᠮᠤᠳᠠᠯ: ᠰᠣᠩᢉᠢᠨᠠᠬᠠᠶᠢᠷᠬᠠᠨ ᠳᠡᢉᠦᠷᢉᠡ ᠶ᠋ᠢᠨ ᠢᠷᢉᠡᠨ ᠣ᠂ᠨᠠᠩᠰᠠᠯᠮᠠ: 《ᠡᠷᠳᠡᠮᠲᠡᠷᠠᠨᠰ》ᠬᠦᠭᠡ- ᠢᠢᠨ ᠑᠓-᠒᠖᠖ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠴᠤ:᠕᠔ (ᠶᠠᠭᠠᠷᠮᠠᠭ-ᠪᠠᠶᠠᠩᠬᠣᠰᠢᠭᠤ) ᠴᠢᢉᠯᠡᠯ ᠳ᠋ᠦ ᠠᠵᠢᠯᠯᠠᠬᠤ ᠳ᠋ᠠᠭᠠᠨ ᠶᠠᠭᠠᠷᠮᠠᠭ ᠡᠴᠠ ᠓-ᠷ ᠡᠮᠨᠡᠯᠭᠡ ᠣᠷᠤᠬᠤ ᠬᠣᠭᠤᠷᠤᠨᠳᠤ ᠮᠠᠰᠢ ᠤᠳᠠᠭᠠᠨ ᠶᠠᠪᠤᠭᠰᠠᠨ᠃ ᠱᠠᠭᠠᠷᠳᠠᠯᠭᠠ ᠲᠠᠯᠪᠢᠭᠰᠠᠨ ᠴᠢᠨᠢ ᠬᠦᠯᠢᠶᠡᠵᠦ ᠠᠪᠤᠭᠠ ᠦᢉᠡᠢ ᠓-ᠷ ᠡᠮᠨᠡᠯᠭᠡ ᠳᠡᢉᠡᠷᠡ ᠪᠠᠭᠤᠬᠤ ᠳ᠋ᠤ ᠰᠠᠨᠠᠭᠠᠲᠠᠢ ᠬᠠᠭᠠᠯᠭᠠ ᠪᠠᠨ ᠬᠠᠭᠠᠵᠤ ᠭᠠᠷ ᠬᠠᠪᠴᠢᠭᠰᠠᠨ᠃ ᠭᠣᠮᠤᠳᠠᠯ ᠲᠠᠢ ᠪᠠᠶᠢᠨᠠ᠃ ᠠᠷᠭᠠ ᠬᠡᠮᠵᠢᠶᠡ ᠠᠪᠴᠤ ᠬᠠᠷᠢᠭᠤ ᠥᢉᢉᠦᠨᠡ ᠦᠦ᠃
📍 ᠰᠢᠶᠢᠳᠪᠦᠷᠢᠯᠡᠯᠲᠡ: 《ᠡᠷᠳᠡᠮᠲᠡᠷᠠᠨᠰ》ᠬᠦᠭᠡ- ᠶᠢᠨ ᠑᠓-᠒᠖᠖ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠬᠢᠨᠠᠯᠲᠠ ᠶ᠋ᠢᠨ ᠻᠠᠮᠧᠷ ᠢ ᠰᠢᢉᠦᠵᠦ ᠦᠵᠡᠬᠦ ᠳ᠋ᠦ ᠤᠳᠠᠭᠠᠨ ᠶᠠᠪᠤᠭᠰᠠᠨ ᠪᠣᠯᠤᠨ ᠭᠠᠷ ᠬᠠᠪᠴᠢᠭᠰᠠᠨ ᠵᠥᠷᠢᠴᠡᠯ ᠢᠯᠡᠷᠡᠭᠡ ᠦᢉᠡᠢ᠃
📍ᠢᠷᢉᠡᠨ ᠪ ᠭᠣᠮᠤᠳᠠᠯ: ᠪᠠᠶᠠᠨᠵᠢᠷᠦᠭᠡ ᠳᠡᢉᠦᠷᠭᠡ ᠶ᠋ᠢᠨ ᠢᠷᢉᠡᠨ ᠨᠠᠷᠠᠨᠴᠡᠴᠡᢉ: ᠴᠤ:᠒ (ᠰᠢᠷᠠ ᠬᠠᠳᠠᠨ ᠪ ᠡᠴᠦᠰ- ᠓᠂᠔-ᠷ ᠬᠣᠷᠢᠶᠠᠯᠠᠯ ᠦᠨ ᠡᠴᠦᠰ) ᠴᠢᢉᠯᠡᠯ ᠦᠨ ᠑-᠑᠓᠔ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠶ᠋ᠢᠨ ᠵᠠᠩ ᠬᠠᠷᠢᠴᠠᠭᠠᠨ ᠳ᠋ᠤ ᠠᠷᠭᠠ ᠬᠡᠮᠵᠢᠶᠡ ᠠᠪᠴᠤ ᠬᠠᠷᠢᠭᠤ ᠥᢉᢉᠦᠨᠡ ᠦᠦ᠃ ᠠᠷᠠᠢ ᠬᠤᠷᠳᠤ ᠲᠠᠢ ᠶᠠᠪᠤᠭᠠᠳ ᠪᠠᠶᠢᠬᠤ ᠪᠠᠷ ᠨᠢ ᠪᠣᠯᠭᠤᠮᠵᠢᠲᠠᠢ ᠶᠠᠪᠤᠭᠠᠴᠢ ᠬᠡᠮᠡᠨ ᠱᠠᠭᠠᠷᠳᠠᠯᠭᠠ ᠲᠠᠯᠪᠢᠬᠤ ᠳ᠋ᠤ ᠡᠯᠳᠡᠪ ᠢᠶᠡᠷ ᠳᠣᠷᠤᠮᠵᠢᠯᠠᠵᠤ᠂ ᠪᠠᠭᠤᠭᠠᠳ ᠶᠠᠪᠤ ᢉᠡᠵᠦ ᠵᠠᠩᠨᠠᠵᠤ ᠪᠠᠶᠢᠨᠠ᠃
📍 ᠰᠢᠶᠢᠳᠪᠦᠷᠢᠯᠡᠯᠲᠡ: 《ᠵᠣᠷᠴᠢᠭᠴᠢ ᠲᠡᢉᠡᢉᠡᠪᠦᠷᠢ ᠨᠢᠭᠡ》 ᠣᠨᠤᠭᠠᠲᠦ᠋ᢉ- ᠦᠨ ᠲᠡᢉᠡᢉᠡᠪᠦᠷᠢ ᠵᠣᠬᠢᠴᠠᠭᠤᠯᠤᠭᠴᠢ ᠳ᠋ᠤ ᠲᠤᠰᠠ ᠭᠣᠮᠤᠳᠠᠯ ᠢ ᠲᠠᠨᠢᠯᠴᠠᠭᠤᠯᠵᠤ ᠑-᠑᠓᠔ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠶ᠋ᠢ ᠢᠷᢉᠡᠳ ᠲᠦ ᠠᠶᠠ ᠲᠤᠬᠠᠲᠠᠢ ᠵᠣᠷᠴᠢᠬᠤ ᠨᠥᠬᠦᠴᠡᠯ ᠢᠶᠡᠷ ᠬᠠᠩᠭᠠᠵᠤ ᠠᠵᠢᠯᠯᠠᠬᠤ ᠶ᠋ᠢ ᠰᠠᠨᠠᠭᠤᠯᠪᠠ᠃
📍ᠢᠷᢉᠡᠨ ᠪ ᠭᠣᠮᠤᠳᠠᠯ: ᠰᠣᠩᢉᠢᠨᠠᠬᠠᠶᠢᠷᠬᠠᠨ ᠳᠡᢉᠦᠷᠭᠡ ᠶ᠋ᠢᠨ ᠢᠷᢉᠡᠨ ᠵ᠂ ᠮᠡᠨᠳᠦᠰᠠᠶᠢᠬᠠᠨ: 《ᠵᠣᠷᠴᠢᠭᠴᠢ ᠲᠡᢉᠡᢉᠡᠪᠦᠷᠢ ᠨᠢᠭᠡ》 ᠣᠨᠤᠭᠠᠲᠦ᠋ᢉ- ᠦᠨ ᠑-᠐᠒᠗ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠴᠤ:᠖᠓ (ᠬᠠᠨ ᠬᠢᠯᠢᠯᠰᠦ-ᠮᠦᠪᠢᠰ) ᠴᠢᢉᠯᠡᠯ ᠳ᠋ᠦ ᠠᠵᠢᠯᠯᠠᠬᠤ ᠳ᠋ᠤ ᠪᠠᠨ ᠬᠠᠨ ᠬᠢᠯᠢᠰᠰ ᠡᠴᠦᠰ ᠦᠨ ᠪᠠᠭᠤᠳᠠᠯ ᠳ᠋ᠤ ᠴᠠᠢ ᠪᠠᠨ ᠤᠤᠭᠤᠭᠠᠳ ᠵᠣᠭᠰᠤᠵᠤ ᠪᠠᠶᠢᠭᠠᠳ ᠬᠦᠳᠡᠯᠬᠦ ᠪᠡᠷ ᠨᠢ ᠶᠠᠪᠤᠬᠤ ᠤᠤ ᢉᠡᠵᠦ ᠠᠰᠠᠭᠤᠭᠰᠠᠨ ᠴᠢᠨᠢ ᠬᠡᠯᠡ ᠠᠮᠠ ᠪᠠᠷ ᠳᠣᠷᠤᠮᠵᠢᠯᠠᠯᠠ᠃ ᠠᠷᠭᠠ ᠬᠡᠮᠵᠢᠶᠡ ᠠᠪᠴᠤ ᠬᠠᠷᠢᠭᠤ ᠥᢉᢉᠦᠨᠡ ᠦᠦ᠃
📍 ᠰᠢᠶᠢᠳᠪᠦᠷᠢᠯᠡᠯᠲᠡ: 《ᠵᠣᠷᠴᠢᠭᠴᠢ ᠲᠡᢉᠡᢉᠡᠪᠦᠷᠢ ᠨᠢᠭᠡ》 ᠣᠨᠤᠭᠠᠲᠦ᠋ᢉ- ᠦᠨ ᠲᠡᢉᠡᢉᠡᠪᠦᠷᠢ ᠵᠣᠬᠢᠴᠠᠭᠤᠯᠤᠭᠴᠢ ᠳ᠋ᠤ ᠲᠤᠰᠠ ᠭᠣᠮᠤᠳᠠᠯ ᠢ ᠲᠠᠨᠢᠯᠴᠠᠭᠤᠯᠵᠤ ᠑-᠐᠒᠗ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠶ᠋ᠢ ᠵᠠᠩ ᠬᠠᠷᠢᠯᠴᠠᠭᠠᠨ ᠪ ᠰᠤᠷᠭᠠᠯᠲᠠ ᠳ᠋ᠤ ᠰᠠᠭᠤᠯᠭᠠᠬᠤ ᠡᢉᠦᠷᠭᠡ ᠥᢉᠪᠡ᠃
📍ᠢᠷᢉᠡᠨ ᠪ ᠭᠣᠮᠤᠳᠠᠯ: ᠰᠣᠩᢉᠢᠨᠠᠬᠠᠶᠢᠷᠬᠠᠨ ᠳᠡᢉᠦᠷᠭᠡ ᠶ᠋ᠢᠨ ᠢᠷᢉᠡᠨ ᠴ᠂ ᠶᠦᠮᠴᠢᠨᠵᠠᠪ: ᠮ:᠑ (᠕ ᠰᠢᠷᠠ-ᠣᠹᠢᠼᠧᠷ ᠤᠳ ᠦᠨ ᠣᠷᠳᠤᠨ) ᠴᠢᢉᠯᠡᠯ ᠦᠨ ᠒-᠑᠓᠖ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠥᠷᠯᠦᠭᠡ ᠐᠕:᠔᠐ ᠴᠠᠭ ᠲᠤ ᠵᠡᢉᠦᠨ ᠔ ᠵᠠᠮ ᠡᠴᠠ ᠬᠦᠮᠦᠨ ᠠᠪᠬᠤ ᠦᢉᠡᠢ ᠲᠠᠮᠠᠬᠢ ᠪᠠᠨ ᠲᠠᠲᠠᠭᠠᠳ ᠬᠣᠭᠤᠰᠤᠨ ᠶᠠᠪᠤᠭᠰᠠᠨ᠃
📍 ᠰᠢᠶᠢᠳᠪᠦᠷᠢᠯᠡᠯᠲᠡ: 《ᠵᠣᠷᠴᠢᠭᠴᠢ ᠲᠡᢉᠡᢉᠡᠪᠦᠷᠢ ᠬᠣᠶᠠᠷ》 ᠣᠨᠤᠭᠠᠲᠦ᠋ᢉ- ᠦᠨ ᠲᠡᢉᠡᢉᠡᠪᠦᠷᠢ ᠵᠣᠬᠢᠴᠠᠭᠤᠯᠤᠭᠴᠢ ᠣᠳᠬᠠᠨᠳᠤᠯᠮᠠ ᠳ᠋ᠤ ᠲᠤᠰᠠ ᠭᠣᠮᠤᠳᠠᠯ ᠢ ᠲᠠᠨᠢᠯᠴᠠᠭᠤᠯᠵᠤ ᠒-᠑᠓᠖ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠴᠢ᠃ ᠰ- ᠳ᠋ᠤ ᠰᠠᠨᠠᠭᠤᠯᠬᠤ ᠠᠷᠭᠠ ᠬᠡᠮᠵᠢᠶᠡ ᠠᠪᠤᠪᠠ᠃
📍 ᠢᠷᢉᠡᠨ ᠪ ᠭᠣᠮᠤᠳᠠᠯ: ᠪᠠᠶᠠᠨᠵᠢᠷᠦᠭᠡ ᠳᠡᢉᠦᠷᠭᠡ ᠶ᠋ᠢᠨ ᠢᠷᢉᠡᠨ ᠪ᠂ ᠪᠢᠯᠢᢉᠰᠠᠶᠢᠬᠠᠨ: ᠴᠤ:᠗᠑ (ᠮᠦᠪᠢᠰ-᠑᠒᠐ ᠮᠢᠩᠭᠠᠲᠤ) ᠴᠢᢉᠯᠡᠯ ᠦᠨ ᠑-᠑᠖᠖ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠬᠦᠮᠦᠨ ᠢᠶᠡᠨ ᠠᠪᠬᠤ ᠦᢉᠡᠢ ᠬᠣᠭᠤᠰᠤᠨ ᠶᠠᠪᠤᠭᠠᠳ ᠠᠷᠤ ᠡᠴᠠ ᠨᠢ ᠲᠠᠻᠰᠢ ᠪᠠᠷᠢᠭᠠᠳ ᠶᠠᠪᠤᠵᠤ ᠪᠠᠶᠢᠨᠠ᠃ ᠰᠢᠯᠭᠠᠵᠤ ᠠᠷᠭᠠ ᠬᠡᠮᠵᠢᠶᠡ ᠠᠪᠴᠤ ᠬᠠᠷᠢᠭᠤ ᠮᠡᠳᠡᢉᠳᠡᠨᠡ ᠦᠦ᠃
📍 ᠰᠢᠶᠢᠳᠪᠦᠷᠢᠯᠡᠯᠲᠡ: 《ᠵᠣᠷᠴᠢᠭᠴᠢ ᠲᠡᢉᠡᢉᠡᠪᠦᠷᠢ ᠨᠢᠭᠡ》 ᠣᠨᠤᠭᠠᠲᠦ᠋ᢉ- ᠦᠨ ᠲᠡᢉᠡᢉᠡᠪᠦᠷᠢ ᠵᠣᠬᠢᠴᠠᠭᠤᠯᠤᠭᠴᠢ ᠬᠠᠩᠭᠠᠶᠢᠴᠢᠩᢉᠢᠰᠲ ᠲᠤᠰ ᠭᠣᠮᠤᠳᠠᠯ ᠢ ᠲᠠᠨᠢᠯᠴᠠᠭᠤᠯᠵᠤ ᠑-᠑᠖᠖ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠳ᠋ᠤ ᠰᠠᠨᠠᠭᠤᠯᠬᠤ ᠠᠷᠭᠠ ᠬᠡᠮᠵᠢᠶᠡ ᠲᠣᠭᠠᠴᠠᠪᠠ᠃
📍 ᠢᠷᢉᠡᠨ ᠪ ᠭᠣᠮᠤᠳᠠᠯ: ᠰᠣᠩᢉᠢᠨᠠᠬᠠᠶᠢᠷᠬᠠᠨ ᠳᠡᢉᠦᠷᠭᠡ ᠶ᠋ᠢᠨ ᠢᠷᢉᠡᠨ ᠲᠡᠮᠡᠦᠯᠦᠨ: ᠮ:᠑ (᠕ ᠰᠢᠷᠠ-ᠣᠹᠢᠼᠧᠷ ᠤᠳ ᠦᠨ ᠣᠷᠳᠤᠨ) ᠴᠢᢉᠯᠡᠯ ᠳ᠋ᠦ ᠶᠠᠪᠤᠵᠤ ᠪᠠᠶᠢᠭᠠ ᠒᠕-᠑᠐᠒ ᠭᠠᠷᠠᠰᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠬᠦᠮᠦᠨ ᠢᠶᠡᠨ ᠠᠪᠤᠭᠠ ᠦᢉᠡᠢ ᠶᠠᠪᠤᠭᠰᠠᠨ᠃
📍 ᠰᠢᠶᠢᠳᠪᠦᠷᠢᠯᠡᠯᠲᠡ: 《ᠵᠣᠷᠴᠢᠭᠴᠢ ᠲᠡᢉᠡᢉᠡᠪᠦᠷᠢ ᠲᠠᠪᠤ》 ᠣᠨᠤᠭᠠᠲᠦ᠋ᢉ- ᠦᠨ ᠲᠡᢉᠡᢉᠡᠪᠦᠷᠢ ᠵᠣᠬᠢᠴᠠᠭᠤᠯᠤᠭᠴᠢ ᠳ᠋ᠤ ᠲᠤᠰᠠ ᠭᠣᠮᠤᠳᠠᠯ ᠢ ᠲᠠᠨᠢᠯᠴᠠᠭᠤᠯᠵᠤ ᠒᠕-᠑᠐᠒ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠳ᠋ᠤ ᠰᠠᠨᠠᠭᠤᠯᠬᠤ ᠠᠷᠭᠠ ᠬᠡᠮᠵᠢᠶᠡ ᠲᠣᠭᠠᠴᠠᠪᠠ᠃
📍 ᠢᠷᢉᠡᠨ ᠪ ᠭᠣᠮᠤᠳᠠᠯ: ᠬᠠᠨ-ᠠᠭᠤᠯᠠ ᠳᠡᢉᠦᠷᠭᠡ ᠶ᠋ᠢᠨ ᠢᠷᢉᠡᠨ ᠠᠷᠢᠭᠤᠨ ᠢᠶᠠᠨ: ᠦ᠂:᠓᠑ (ᠵᠠᠶᠢᠰᠠᠩ-ᠴᠠᠩᠪᠠᠭᠠᠷᠪᠣ) ᠴᠢᢉᠯᠡᠯ ᠳ᠋ᠦ ᠶᠠᠪᠤᠵᠤ ᠪᠠᠶᠢᠭᠠ ᠑᠑-᠐᠒᠗ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠠᠵᠢᠯᠴᠢᠳ ᠦᠨ ᠰᠣᠶᠤᠯ ᠦᠨ ᠣᠷᠳᠤᠨ ᠵᠣᠭᠰᠤᠭᠠᠯ ᠳᠡᢉᠡᠷᠡ ᠵᠣᠭᠰᠤᠭᠠ ᠦᢉᠡᠢ᠃ ᠠᠷᠭᠠ ᠬᠡᠮᠵᠢᠶᠡ ᠠᠪᠴᠤ ᠬᠠᠷᠢᠭᠤ ᠥᢉᢉᠦᠨᠡ ᠦᠦ᠃
📍 ᠰᠢᠶᠢᠳᠪᠦᠷᠢᠯᠡᠯᠲᠡ: 《ᠲᠷᠠᠨ᠋ᠰᠪᠦ᠋ᠰ》ᠬᠦᠭᠡ-ᠡᠶᠢᠨ ᠠᠰᠢᠭᠯᠠᠯᠲᠠ ᠶ᠋ᠢᠨ ᠢᠨᠵᠧᠨᠧᠷ ᠡᠩᠭᠡ-ᠠᠮᠤᠭᠤᠯᠠᠩ ᠳ᠋ᠤ ᠲᠤᠰᠠ ᠭᠣᠮᠤᠳᠠᠯ ᠢ ᠲᠠᠨᠢᠯᠴᠠᠭᠤᠯᠵᠤ ᠑᠑-᠐᠒᠗ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠳ᠋ᠤ ᠵᠠᠬᠢᠷᠭᠠᠨ ᠪ ᠠᠷᠭᠠ ᠬᠡᠮᠵᠢᠶᠡ ᠠᠪᠬᠤᠭᠤᠯᠤᠭᠰᠠᠨ᠃
☎️☎️ᠢᠷᢉᠡᠨ ᠲᠠ ᠨᠡᠶᠢᠲᠡ ᠶ᠋ᠢᠨ ᠲᠡᢉᠡᢉᠡᠪᠦᠷᠢ ᠲᠡᠢ ᠬᠣᠯᠪᠤᠭᠠᠲᠠᠢ ᠰᠠᠨᠠᠯ᠂ ᠬᠦᠰᠡᠯᠲᠡ ᠪᠡᠨ ᠗᠐᠐᠔᠔᠐᠔᠐ ᠳ᠋᠋ᠤᠭᠠᠷ ᠲᠤ ᠵᠠᠯᠭᠠᠨ ᠮᠡᠳᠡᢉᠳᠡᠬᠦ ᠪᠣᠯᠤᠮᠵᠢ ᠲᠠᠢ᠃