ᠮᠣᠩᠭᠣᠯ ᠤᠯᠤᠰ ᠲᠤ ᠠᠦ᠋ᠲ᠋ᠣ᠋ ᠲᠡᢉᠡᢉᠡᠪᠦᠷᠢ ᠶ᠋ᠢᠨ ᠰᠠᠯᠪᠤᠷᠢ ᠡᢉᠦᠰᠴᠦ ᠬᠦᢉᠵᠢᢉᠰᠡᠨ ᠪ ᠑᠐᠐ ᠵᠢᠯ ᠦᠨ ᠣᠢ ᠶ᠋ᠢᠨ ᠬᠦᠷᠢᠶᠡᠨ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠦᠵᠡᢉᠦᠯᠵᠦ ᠪᠠᠶᠢᠭᠰᠠᠨ ᠲᠡᢉᠡᢉᠡᠪᠦᠷᠢ ᠶ᠋ᠢᠨ ᠬᠡᠷᠡᢉᠰᠡᠯ᠂ ᠮᠠᠱᠢᠨ᠋᠂ ᠠᠦ᠋ᠲ᠋ᠣᠪᠦ᠋ᠰ ᠦᠨ ᠮᠣᠳ᠋ᠧᠯ ᠢ ᠴᠤᠭᠯᠠᠭᠤᠯᠵᠤ᠂ ᠲᠡᠦᠭᠡ ᠪᠡᠨ ᠬᠠᠳᠠᠭᠠᠯᠠᠵᠤ ᠦᠯᠡᠳᠡᠬᠦ ᠠᠵᠢᠯ ᠢ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠬᠠᠮᠲᠤ ᠣᠯᠠᠨ ᠡᠬᠢᠯᠡᢉᠦᠯᠦᢉᠰᠡᠨ᠃
ᠤᠯᠠᠭᠠᠨᠪᠠᠭᠠᠲᠤᠷ ᠬᠣᠲᠠ ᠶ᠋ᠢᠨ ᠲᠡᢉᠡᢉᠡᠪᠦᠷᠢ ᠶ᠋ᠢ ᠤᠳᠤᠷᠢᠳᠬᠤ ᠭᠠᠵᠠᠷ ᠢ ᠑᠙᠖᠙ ᠣᠨ ᠳ᠋ᠤ ᠪᠠᠶᠢᠭᠤᠯᠤᠨ ᠬᠣᠲᠠ ᠶ᠋ᠢᠨ ᠳᠣᠲᠤᠷᠠᠬᠢ ᠨᠡᠶᠢᠲᠡ ᠶ᠋ᠢᠨ ᠦᠢᠯᠡᠴᠢᠯᠡᢉᠡᠨ ᠪ ᠠᠦ᠋ᠲ᠋ᠣᠪᠦ᠋ᠰ᠂ ᠲᠠᠻᠰᠢ᠂ ᠦᠢᠯᠡᠳᠪᠦᠷᠢ ᠠᠯᠪᠠᠨ ᠪᠠᠶᠢᠭᠤᠯᠤᠯᠭᠠ᠂ ᠰᠥᠨᠢ ᠶ᠋ᠢᠨ ᠡᢉᠡᠯᠵᠢ ᠶ᠋ᠢᠨ ᠠᠵᠢᠯᠲᠠᠨ ᠨᠤᠭᠤᠳ ᠢ ᠬᠦᠷᠬᠡᠬᠦ᠂ ᠰᠣᠶᠤᠯ ᠤᠷᠠᠯᠢᠭ᠂ ᠰᠤᠷᠭᠠᠭᠤᠯᠢ᠂ ᠴᠡᠴᠡᠷᠯᠢᠭ᠂ ᠶᠠᠰᠯᠢ᠂ ᠬᠤᠳᠠᠯᠳᠤᠭᠠ᠂ ᠨᠡᠶᠢᠲᠡ ᠶ᠋ᠢᠨ ᠬᠣᠭᠤᠯᠠ᠂ ᠰᠢᠲᠠᠬᠤᠨ ᠲᠦᢉᠡᢉᠡᠬᠦ᠂ ᠬᠦᠨᠡᠰᠦᠨ ᠪ ᠪᠦᠲᠦᢉᠡᢉᠳᠡᠬᠦᠨ ᠲᠡᢉᠡᢉᠡᠪᠦᠷᠢᠯᠡᠬᠦ᠂ ᠡᠷᠡᢉᠦᠯ ᠮᠡᠨᠳᠦ ᠶ᠋ᠢᠨ ᠪᠠᠶᠢᠭᠤᠯᠤᠯᠭᠠ᠂ ᠡᠮᠨᠡᠯᠭᠡ ᠨᠦ᠋ᢉᠦᠳ ᢉᠡᠬᠦ ᠮᠡᠲᠦ ᠣᠯᠠᠨ ᠰᠠᠯᠪᠤᠷᠢ ᠶ᠋ᠢᠨ ᠲᠡᢉᠡᢉᠡᠪᠦᠷᠢ ᠶ᠋ᠢᠨ ᠠᠰᠠᠭᠤᠳᠠᠯ ᠡᠨᠡ ᠭᠠᠵᠠᠷ ᠲᠤ ᠬᠠᠷᠢᠶᠠᠯᠠᠭᠳᠠᠳᠠᠭ ᠪᠠᠶᠢᠪᠠ᠃ ᠲᠡᢉᠦᠨᠴᠢᠯᠡᠨ ᠮᠣᠩᠭᠣᠯ ᠤᠯᠤᠰ ᠲᠤ ᠠᠵᠢᠯᠯᠠᠵᠤ ᠪᠠᠶᠢᠭᠰᠠᠨ ᠭᠠᠳᠠᠭᠠᠳᠤ ᠶ᠋ᠢᠨ ᠮᠡᠷᢉᠡᠵᠢᠯᠲᠡᠨ ᠨᠦ᠋ᢉᠦᠳ ᠲᠦ ᠦᠢᠯᠡᠴᠢᠯᠡᠬᠦ ᠪᠦᠬᠦ ᠠᠵᠢᠯ ᠢ ᠵᠠᠩᢉᠢᠳᠤᠨ ᠬᠠᠷᠢᠭᠤᠴᠠᠵᠤ ᠪᠠᠶᠢᠭᠰᠠᠨ ᠲᠡᠦᠭᠡ ᠲᠡᠢ᠃ ᠲᠡᠶᠢᠮᠦ ᠡᠴᠡ ᠡᠨᠡ ᠪᠦᠬᠦ ᠦᠢᠯᠡᠴᠢᠯᠡᠭᠡ ᠶ᠋ᠢ ᠦᠵᠡᢉᠦᠯᠬᠦ ᠳ᠋ᠦ ᠪᠡᠨ ᠶᠠᠮᠠᠷ ᠲᠧᠻᠨᠢᢉ ᠬᠡᠷᠡᢉᠰᠡᠯ ᠢᠶᠡᠷ᠂ ᠬᠡᠷᠬᠢᠨ ᠠᠵᠢᠯᠯᠠᠵᠤ ᠪᠠᠶᠢᠭᠰᠠᠨ ᠲᠡᠦᠭᠡ ᠶ᠋ᠢ ᠪᠢᠳᠡ ᠬᠠᠷᠠᠭᠤᠯᠬᠤ ᠵᠣᠷᠢᠯᠭᠠ ᠲᠠᠢ ᠠᠵᠢᠯᠯᠠᠵᠤ ᠪᠠᠶᠢᠨᠠ᠃ ᠡᠨᠡ ᠬᠦ ᠠᠵᠢᠯ ᠳ᠋ᠤ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠦᠢᠯᠡ ᠠᠵᠢᠯᠯᠠᠭᠠ ᠶᠠᠪᠤᠭᠤᠯᠵᠤ ᠪᠤᠢ ᠤᠯᠤᠰ ᠦᠨ ᠪᠣᠯᠤᠨ ᠬᠤᠪᠢ ᠶ᠋ᠢᠨ ᠠᠵᠤ ᠠᠬᠤᠢ ᠶ᠋ᠢᠨ ᠨᠢᢉᠡᠴᠡ ᠶ᠋ᠢᠨ ᠬᠠᠮᠲᠤ ᠣᠯᠠᠨ ᠢᠳᠡᠪᠬᠢ ᠰᠠᠨᠠᠭᠠᠴᠢᠯᠠᠭᠠᠲᠠᠢ ᠣᠷᠤᠯᠴᠠᠬᠤ ᠡᠴᠠ ᠭᠠᠳᠠᠨᠠ ᠲᠧᢈᠨᠢᠭ ᠰᠤᠳᠤᠯᠤᠭᠠᠴᠢ᠂ ᠮᠣᠳ᠋ᠧᠯᠢᠰᠲ ᠦ᠂ᠣᠳᠤᠨᠪᠠᠶᠠᠷ ᠬᠠᠮᠲᠤᠷᠠᠨ ᠠᠵᠢᠯᠯᠠᠵᠤ ᠪᠠᠶᠢᠭᠠ ᠶᠤᠮ᠃