ᠲᠧᠻᠨᠣᠯᠣᢉᠢ ᠶ᠋ᠢᠨ ᠰᠢᠨ᠎ᠡ ᠰᠢᠢᠳᠦᠯ ᠪᠣᠯᠬᠤ ᠴᠢᢉᠯᠡᠯ  ᠦᠨ ᠵᠢᠷᠤᠭᠯᠠᠯ  ᠢ ᠠᠦ᠋ᠲ᠋ᠣᠮᠠᠲ᠋ᠵᠢᠭᠤᠯᠵᠤ ᠡᠬᠢᠯᠡᠯ᠎ᠡ

ᠨᠡᠶᠢᠲᠡ ᠶ᠋ᠢᠨ ᠲᠡᢉᠡᢉᠡᠪᠦᠷᠢ ᠶ᠋ᠢᠨ ᠴᠢᢉᠯᠡᠯ᠂ ᠪᠠᠭᠤᠳᠠᠯ  ᠦᠨ ᠮᠡᠳᠡᢉᠡᠯᠡᠯ  ᠢ ᠳᠢᠵᠢᠲ᠋ᠠᠯ ᠬᠡᠯᠪᠡᠷᠢ ᠳ᠋ᠦ ᠣᠷᠤᠭᠤᠯᠵᠤ᠂ ᠬᠣᠲᠠ ᠲᠥᠯᠦᠪᠯᠡᠯᠲᠡ ᠪᠣᠯᠤᠨ ᠵᠣᠷᠴᠢᠭᠴᠢᠳ  ᠦᠨ ᠬᠡᠷᠡᢉᠴᠡᢉᠡᠨ ᠳ᠋ᠦ ᠨᠡᠶᠢᠴᠡᢉᠰᠡᠨ ᠰᠢᠨᠡᠴᠢᠯᠡᠬᠦ ᠵᠣᠷᠢᠯᠭ᠎ᠠ ᠲᠠᠢ ᠨᠡᠶᠢᠰᠯᠡᠯ  ᠦᠨ ᠨᠡᠶᠢᠲᠡ ᠶ᠋ᠢᠨ ᠲᠡᢉᠡᢉᠡᠪᠦᠷᠢ ᠶ᠋ᠢᠨ ᠵᠣᠭᠰᠤᠭᠠᠯ  ᠦᠨ ᠪᠠᠶᠢᠭᠤᠯᠤᠮᠵᠢ ᠶ᠋ᠢᠨ ᠴᠢᢉᠯᠡᠯ  ᠦᠨ ᠮᠡᠳᠡᢉᠡᠯᠡᠯ  ᠦᠨ ᠵᠢᠷᠤᠭᠯᠠᠯ  ᠢ ᠠᠦᠲ᠋ᠤᠮᠠᠲ᠋ᠵᠢᠭᠤᠯᠤᠨ ᠪᠣᠯᠪᠠᠰᠤᠷᠠᠭᠤᠯᠬᠤ ᠰᠢᠰᠲ᠋ᠧᠮ ᠲᠥᠰᠦᠯ ᠠᠮᠵᠢᠯᠲᠠᠲᠠᠢ ᠬᠡᠷᠡᢉᠵᠢᠵᠦ ᠡᠬᠢᠯᠡᢉᠰᠡᠨ᠃  ᠡᠨᠡ ᠬᠦ ᠲᠥᠰᠦᠯ  ᠦᠨ ᠡᠬᠢᠨ ᠪ ᠱᠠᠲᠤᠨ ᠪ ᠰᠠᠮᠪᠠᠷ᠎ᠠ ᠶ᠋ᠢᠨ ᠵᠢᠷᠤᠭᠯᠠᠯ  ᠢ ᠰᠦᠬᠡᠪᠠᠭᠠᠲᠤᠷ  ᠦᠨ ᠲᠠᠯᠠᠪᠠᠢ ᠶ᠋ᠢᠨ ᠤᠷᠳᠤ ᠵᠣᠭᠰᠤᠭᠠᠯ ᠳᠡᢉᠡᠷ᠎ᠡ ᠪᠠᠶᠢᠷᠢᠰᠢᠭᠤᠯᠤᠭᠰᠠᠨ ᠪᠥᢉᠡᠳ ᠲᠥᠰᠦᠯ  ᠦᠨ ᢉᠦᠶᠢᠴᠡᠥᠬᠡᢉᠴᠢ ᠪᠠᠶᠢᠭᠤᠯᠤᠯᠭ᠎ᠠ ᠪᠠᠷ ᠳᠠᠲ᠋ᠠ ᠳᠡᢉᠦᠰ  ᠬᠾᠬᠠ ᠠᠵᠢᠯᠯᠠᠵᠤ ᠪᠠᠶᠢᠨ᠎ᠠ᠃  ᠡᠮᠦᠨᠡᠬᠢ ᠰᠠᠮᠪᠠᠷ᠎ᠠ ᠨᠤᠭᠤᠳ ᠨᠢ ᠮᠡᠳᠡᢉᠡᠯᠡᠯ ᠳᠤᠲᠠᠭᠤ᠂ ᠣᠶᠢᠯᠠᠭᠠᠮᠵᠢ ᠦᢉᠡᠢ᠂ ᠬᠠᠭᠤᠴᠢᠷᠠᠭᠰᠠᠨ ᠪᠠᠶᠢᠳᠠᠯ ᠡᠴᠠ ᠵᠣᠷᠴᠢᠭᠴᠢᠳ  ᠦᠨ ᠬᠡᠷᠡᢉᠯᠡᢉᠡᠨ ᠡᠴᠡ ᠬᠠᠰᠤᠭᠳᠠᠵᠤ ᠪᠠᠶᠢᠭᠰᠠᠨ ᠲᠤᠯᠠ ᠡᠨᠡ ᠬᠦ ᠰᠢᠨ᠎ᠡ ᠲᠥᠰᠦᠯ ᠨᠢ ᠵᠥᠪᠬᠡᠨ ᠰᠠᠮᠪᠠᠷ᠎ᠠ ᠶ᠋ᠢᠨ ᠰᠢᠨᠡᠴᠢᠯᠡᠯ ᠪᠤᠰᠤ ᠲᠧᠻᠨᠣᠯᠣᢉᠢ ᠶ᠋ᠢᠨ ᠰᠢᠨ᠎ᠡ ᠰᠢᠢᠳᠦᠯ ᠪᠣᠯᠬᠤ ᠶᠤᠮ᠃

ᠲᠥᠰᠦᠯ  ᠦᠨ ᠲᠧᠻᠨᠤᠯᠤᢉᠢ ᠶ᠋ᠢᠨ ᠰᠢᠶᠢᠳᠦᠯ:

ᠠᠦ᠋ᠲ᠋ᠣᠪᠦ᠋ᠰ  ᠦᠨ ᠴᠢᢉᠯᠡᠯ  ᠦᠨ ᠵᠢᠷᠤᠭᠯᠠᠯ  ᠢ ᠪᠣᠯᠪᠠᠰᠤᠷᠠᠭᠤᠯᠬᠤ ᠳ᠋ᠤ ᠪᠠᠨ ᠣᠯᠠᠨ ᠤᠯᠤᠰ  ᠦᠨ ᠲᠤᠷᠰᠢᠯᠭ᠎ᠠ ᠳ᠋ᠤ ᠠᠰᠢᠭᠯᠠᠭᠳᠠᠳᠠᠭ octilinear ᠰᢈᠧᠮ ᠪᠣᠯᠤᠨ ᢉᠧᠣᢉᠷᠠᠹᠢᠻ (GIS ᠰᠠᠭᠤᠷᠢᠲᠠᠢ) ᠵᠢᠷᠤᠭᠯᠠᠯ  ᠦᠨ ᠵᠠᠷᠴᠢᠮ  ᠢ ᠬᠣᠣᠰᠯᠠᠭᠤᠯᠤᠨ ᠠᠰᠢᠭᠯᠠᠭᠰᠠᠨ᠃  Octilinear ᠵᠢᠷᠤᠭᠯᠠᠯ – ᠮᠧᠲ᠋ᠷᠣ᠋ ᠶ᠋ᠢᠨ ᠵᠢᠷᠤᠭᠯᠠᠯ ᠳ᠋ᠤ ᠥᠷᢉᠡᠨ ᠬᠡᠷᠡᢉᠯᠡᢉᠳᠡᠳᠡᢉ ᠠᠷᠭᠠᠴᠢᠯᠠᠯ ᠪᠥᢉᠡᠳ ᠵᠠᠮ᠂ ᠴᠢᢉᠯᠡᠯ  ᠢ ᠵᠥᠪᢈᠡᠨ ᠘ ᠴᠢᢉᠯᠡᠯ ᠳ᠋ᠦ (ᠳᠡᢉᠡᢉᠰᠢ᠂ ᠳᠣᠭᠤᠭᠰᠢ᠂ ᠪᠠᠷᠠᠭᠤᠨ᠂ ᠵᠡᢉᠦᠨ ᠪᠣᠯᠤᠨ ᠔᠕° ᠥᠨᠴᠦᢉᠲᠦ) ᠳᠦᠷᠰᠦᠯᠡᢉᠰᠡᠨ  ᠢᠶᠡᠷ ᠰᠢᠯᠤᠭᠤᠨ ᠪᠥᢉᠡᠳ ᠬᠢᠯᠪᠠᠷ ᠵᠢᠷᠤᠭᠯᠠᠯ ᠡᢉᠦᠰᢈᠡᠳᠡᢉ᠃

ᢉᠧᠣᢉᠷᠠᠹᠢᠻ (Geo) ᠵᠢᠷᠤᠭᠯᠠᠯ – ᠪᠣᠳᠠᠲᠤ ᠭᠠᠵᠠᠷ  ᠦᠨ ᠵᠢᠷᠤᠭ ᠳᠡᢉᠡᠷ᠎ᠡ ᠦᠨᠳᠦᠰᠦᠯᠡᠨ ᠵᠣᠭᠰᠤᠭᠠᠯ᠂ ᠴᠢᢉᠯᠡᠯ  ᠢ ᠪᠣᠳᠠᠲᠤ ᠪᠠᠶᠢᠷᠢᠰᠢᠯ  ᠦᠨ ᠳᠠᠭᠠᠭᠤ ᠬᠠᠷᠠᠭᠤᠯᠳᠠᠭ᠃  ᠡᠨᠡ ᠨᠢ ᠬᠣᠲᠠ ᠲᠥᠯᠦᠪᠯᠡᠯᠲᠡ᠂ ᠵᠠᠮ  ᠦᠨ ᠠᠴᠢᠶᠠᠯᠠᠯ  ᠦᠨ ᠳ᠋ᠦᠩ ᠰᠢᠨᠵᠢᠯᠡᠭᠡ ᠬᠢᠬᠦ ᠳ᠋ᠦ ᠢᠯᠡᢉᠦᠦ ᠦᠷ᠎ᠡ ᠳ᠋ᠦᠩ ᠲᠡᠢ᠃  ᠬᠠᠷᠢᠨ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠰᠦᠯᠵᠢᠶ᠎ᠡ ᠨᠢ ᠮᠧᠲ᠋ᠷᠣ᠋ ᠰᠢᠬ ᠰᠢᠯᠤᠭᠤᠨ ᠪᠤᠰᠤ᠂ ᠣᠯᠠᠨ ᠰᠠᠯᠠᠭ᠎ᠠ ᠵᠠᠮ᠂ ᠲᠣᠭᠤᠷᠢᠭ᠂ ᠠᠭᠤᠯᠵᠠᠪᠤᠷᠢ ᠶᠡᠬᠡᠲᠡᠢ ᠣᠨᠴᠠᠯᠢᠭ ᠲᠠᠢ᠃  ᠬᠡᠷᠪᠡ ᠵᠥᠪᠬᠡᠨ ᢉᠧᠣ᠋ ᠵᠢᠷᠤᠭᠯᠠᠯ ᠠᠰᠢᠭᠯᠠᠪᠠᠯ ᠴᠢᢉᠯᠡᠯ  ᠦᠳ ᠬᠡᠲᠦ ᠨᠠᠷᠢᠨ᠂ ᠳᠠᠪᠬᠤᠴᠠᠭᠰᠠᠨ᠂ ᠤᠩᠰᠢᠬᠤ ᠳ᠋ᠤ ᠲᠥᠪᠡᢉ ᠲᠡᠢ ᠪᠣᠯᠳᠠᠭ᠃  ᠬᠠᠷᠢᠨ ᠵᠥᠪᠬᠡᠨ octilinear ᠵᠢᠷᠤᠭᠯᠠᠯ ᠠᠰᠢᠭᠯᠠᠪᠠᠯ ᠵᠠᠮ  ᠦᠨ ᠵᠢᠩᢈᠢᠨᠢ ᠪᠠᠶᠢᠷᠢᠰᠢᠯ᠂ ᠴᠢᢉᠯᠡᠯ  ᠦᠨ ᠪᠣᠳᠠᠲᠤ ᠮᠡᠳᠡᢉᠡᠯᠡᠯ ᠠᠯᠳᠠᠭᠳᠠᠬᠤ ᠡᠷᠦᠰᠳᠡᠯ ᠲᠡᠢ᠃

ᠡᠨᠡ ᠬᠦ ᠲᠥᠰᠦᠯ ᠨᠢ ᠤᠯᠠᠭᠠᠨᠪᠠᠭᠠᠲᠤᠷ ᠬᠣᠲᠠ ᠶ᠋ᠢᠨ ᠣᠯᠠᠨ ᠰᠠᠯᠠᠭ᠎ᠠ᠂ ᠨᠠᠷᠢᠨ ᠪᠦᠲᠦᠴᠡ ᠲᠡᠢ ᠠᠦ᠋ᠲ᠋ᠣᠪᠦ᠋ᠰ  ᠦᠨ ᠴᠢᢉᠯᠡᠯ ᠳ᠋ᠦ ᠬᠠᠮᠤᠭ  ᠦᠨ ᠲᠣᠬᠢᠷᠠᠮᠵᠢᠲᠠᠢ ᠰᠢᠢᠳᠦᠯ ᠪᠥᢉᠡᠳ ᠵᠥᠪᠬᠡᠨ ᠮᠡᠳᠡᢉᠡᠯᠡᠯ  ᠦᠨ ᠰᠠᠮᠪᠠᠷ᠎ᠠ ᠶ᠋ᠢᠨ ᠰᠢᠨᠡᠴᠢᠯᠡᠯ ᠪᠤᠰᠤ᠂ ᠨᠡᠶᠢᠲᠡ ᠶ᠋ᠢᠨ ᠲᠡᢉᠡᢉᠡᠪᠦᠷᠢ ᠶ᠋ᠢᠨ ᠰᠦᠯᠵᠢᠶ᠎ᠡ ᠶ᠋ᠢ ᠢᠯᠡᢉᠦᠦ ᠣᠶᠢᠯᠠᠭᠠᠮᠵᠢᠲᠠᠢ ᠪᠣᠯᠭᠠᠬᠤ ᠳ᠋ᠢᠵᠢᠲ᠋ᠠᠯ ᠰᠢᠯᠵᠢᠯᠲᠡ ᠶ᠋ᠢᠨ ᠴᠢᠬᠤᠯᠠ ᠠᠯᠬᠤᠮ ᠳ᠋ᠤ ᠲᠣᠭᠠᠴᠠᠭᠳᠠᠨ᠎ᠠ᠃  ᠴᠠᠭᠠᠰᠢᠳᠠ ᠤᠭ ᠰᠢᠰᠲ᠋ᠧᠮ  ᠢ ᠨᠡᠶᠢᠰᠯᠡᠯ  ᠦᠨ ᠪᠦᠬᠦ ᠵᠣᠭᠰᠤᠭᠠᠯ ᠳ᠋ᠤ ᠨᠡᠪᠲᠡᠷᠡᢉᠦᠯᠦᢉᠰᠡᠨ  ᠢᠶᠡᠷ ᠵᠣᠷᠴᠢᠭᠴᠢᠳ ᠰᠠᠮᠪᠠᠷ᠎ᠠ ᠶ᠋ᠢᠨ ᠮᠡᠳᠡᢉᠡᠯᠡᠯ ᠬᠦᠯᠢᠶᠡᠨ ᠠᠪᠬᠤ ᠳ᠋ᠤ ᠣᠶᠢᠯᠠᠭᠠᠮᠵᠢᠲᠠᠢ᠂ᠬᠣᠲᠠ ᠶ᠋ᠢᠨ ᠬᠡᠮᠵᠢᠶᠡᠨ ᠳ᠋ᠦ ᠵᠠᠮ  ᠦᠨ ᠬᠦᠳᠡᠯᢉᠡᢉᠡᠨ ᠪ ᠵᠣᠬᠢᠶᠠᠨ ᠪᠠᠶᠢᠭᠤᠯᠤᠯᠲᠠ ᠶ᠋ᠢ ᠣᠨᠤᠪᠴᠢᠲᠠᠢ ᠪᠣᠯᠭᠠᠬᠤ ᠪᠣᠯᠤᠮᠵᠢ ᠪᠦᠷᠢᠳᠴᠦ᠂ ᠤᠯᠠᠭᠠᠨᠪᠠᠭᠠᠲᠤᠷ ᠬᠣᠲᠠ ᠶ᠋ᠢᠨ ᠤᠬᠠᠭᠠᠯᠢᠭ ᠲᠡᢉᠡᢉᠡᠪᠦᠷᠢ ᠶ᠋ᠢᠨ ᠬᠦᢉᠵᠢᠯ  ᠦᠨ ᠰᠠᠭᠤᠷᠢ ᠰᠢᠢᠳᠦᠯ ᠪᠣᠯᠬᠤ ᠶᠤᠮ᠃