ᠨᠡᠶᠢᠲᠡ ᠶ᠋ᠢᠨ ᠲᠡᢉᠡᢉᠡᠪᠦᠷᠢ ᠶ᠋ᠢᠨ ᠨᠢᢉᠡᠳᠦ᠋ᢉᠡᠷ ᠡᠩᠨᠡᠭᠡ ᠶ᠋ᠢ ᠴᠢᠯᠦᢉᠡᠯᠡᢉᠰᠡᠨ  ᠢᠢᠡᠷ ᠠᠦ᠋ᠲ᠋ᠣᠪᠦ᠋ᠰ ᠬᠦᠯᠢᠶᠡᠬᠦ ᠬᠤᠭᠤᠴᠠᠭ᠎ᠠ ᠪᠠᠭᠠᠰᠴᠤ᠂ ᠬᠤᠷᠳᠤ ᠒᠂᠗ ᠬᠤᠪᠢ ᠪᠠᠷ ᠨᠡᠮᠡᢉᠳᠡᠵᠡᠢ

ᠨᠡᠶᠢᠰᠯᠡᠯ  ᠦᠨ ᠢᠷᢉᠡᠳ  ᠦᠨ ᠲᠥᠯᠦᢉᠡᠯᠡᢉᠴᠢᠳ  ᠦᠨ ᠬᠤᠷᠠᠯ  ᠦᠨ ᠳᠠᠷᠤᠭ᠎ᠠ ᠠ ‍᠂ ᠪᠠᠶᠠᠷ ᠨᠡᠶᠢᠰᠯᠡᠯ  ᠦᠨ ᠠᠦ᠋ᠲ᠋ᠣ᠋ ᠵᠠᠮ  ᠦᠨ ᠨᠢᢉᠡᠳᠦ᠋ᢉᠡᠷ ᠡᠩᠨᠡᠭᠡ ᠶ᠋ᠢ ᠪᠦᠷᠢᠨ ᠴᠢᠯᠦᢉᠡᠯᠡᠬᠦ ᠰᠢᠢᠳᠪᠦᠷᠢ ᠭᠠᠷᠤᠭᠰᠠᠨ ᠡᠴᠠ ᠬᠣᠶᠢᠰᠢ ᠨᠡᠶᠢᠲᠡ ᠶ᠋ᠢᠨ ᠲᠡᢉᠡᢉᠡᠪᠦᠷᠢ ᠶ᠋ᠢᠨ ᠠᠦ᠋ᠲ᠋ᠣᠪᠦ᠋ᠰ  ᠦᠨ ᠬᠤᠷᠳᠤ᠂ ᠬᠦᠯᠢᠶᠡᠯᠲᠡ ᠶ᠋ᠢᠨ ᠬᠤᠭᠤᠴᠠᠭ᠎ᠠ ᠬᠡᠷᠬᠢᠨ ᠥᢉᠡᠷᠡᠴᠢᠯᠡᢉᠳᠡᠵᠦ᠂ ᠶᠠᠮᠠᠷ ᠠᠬᠢᠴᠠ ᠭᠠᠷᠴᠤ ᠪᠠᠶᠢᠭ᠎ᠠ ᠲᠠᠢ ᠲᠠᠨᠢᠯᠴᠠᠯ᠎ᠠ᠃  ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠳᠠᠷᠤᠭ᠎ᠠ ᠳ᠃  ᠣᠳᠬᠠᠨᠵᠢᠷᠭᠠᠯ ᠨᠥᠬᠦᠴᠡᠯ ᠪᠠᠶᠢᠳᠠᠯ  ᠢ ᠲᠠᠨᠢᠯᠴᠠᠭᠤᠯᠪᠠ᠃

ᠬᠢᠴᠢᠶᠡᠯ  ᠦᠨ ᠰᠢᠨ᠎ᠡ ᠵᠢᠯ ᠡᠬᠢᠯᠡᠬᠦ ᠳᠥᠬᠦᢉᠰᠡᠨ ᠡᠨᠡ ᠡᠳᠦᠷ  ᠦᠳ ᠲᠦ ᠬᠦᠳᠡᠭᠡ ᠣᠷᠤᠨ ᠨᠤᠲᠤᠭ ᠡᠴᠠ ᠨᠡᠶᠢᠰᠯᠡᠯ  ᠢ ᠵᠣᠷᠢᠬᠤ ᠮᠠᠱᠢᠨ ᠪ ᠲᠣᠭ᠎ᠠ ᠓-᠔ ᠳᠠᠬᠢᠨ᠂ ᠨᠡᠶᠢᠰᠯᠡᠯ  ᠦᠨ ᠠᠦ᠋ᠲ᠋ᠣ᠋ ᠵᠠᠮ  ᠦᠨ ᠬᠦᠳᠡᠯᢉᠡᢉᠡᠨ ᠪ ᠠᠴᠢᠶᠠᠯᠠᠯ ᠕ ᠳᠠᠬᠢᠨ ᠨᠡᠮᠡᢉᠳᠡᠵᠦ ᠪᠠᠶᠢᠭ᠎ᠠ ᠤᠴᠢᠷ ᠨᠡᠶᠢᠲᠡ ᠶ᠋ᠢᠨ ᠲᠡᢉᠡᢉᠡᠪᠦᠷᠢ ᠶ᠋ᠢᠨ ᠬᠦᠷᠲᠡᢉᠡᠮᠵᠢ ᠶ᠋ᠢ ᠨᠡᠮᠡᢉᠳᠡᢉᠦᠯᠵᠦ᠂ ᠨᠢᢉᠡᠳᠦ᠋ᢉᠡᠷ ᠡᠩᠨᠡᠭᠡ ᠶ᠋ᠢ ᠪᠦᠷᠢᠨ ᠴᠢᠯᠦᢉᠡᠯᠡᠵᠦ᠂ ᠠᠦ᠋ᠲ᠋ᠣᠪᠦ᠋ᠰ ᠶᠠᠪᠤᠬᠤ ᠪᠣᠯᠤᠮᠵᠢ ᠶ᠋ᠢ ᠨᠡᠮᠡᢉᠳᠡᢉᠦᠯᠵᠦ᠂ ᠲᠥᠪ ᠵᠠᠮ ᠳᠠᠭᠠᠭᠤ ᠑᠕ ᠪᠠᠶᠢᠷᠢᠰᠢᠯ ᠳ᠋ᠤ ᠵᠣᠬᠢᠴᠠᠭᠤᠯᠤᠯᠲᠠ ᠬᠢᠨ ᠠᠵᠢᠯᠯᠠᠵᠤ ᠪᠠᠶᠢᠨ᠎ᠠ᠃ ᠪᠦᠷᠢᠨ ᠴᠢᠯᠦᢉᠡᠯᠡᢉᠰᠡᠨ ᠡᠨᠡ ᠬᠤᠭᠤᠴᠠᠭᠠᠨ ᠳ᠋ᠤ ᠡᠬᠢᠨ ᠪ ᠪᠠᠶᠢᠳᠠᠯ  ᠢᠶᠠᠷ ᠳᠠᠷᠠᠭᠠᢈᠢ ᠦᠷ᠎ᠡ ᠳ᠋ᠦᠩ ᠭᠠᠷᠴᠤ ᠪᠠᠶᠢᠨ᠎ᠠ᠃

ᠲᠤᠬᠠᠶᠢᠯᠠᠪᠠᠯ ᠮᠠ:᠑ ᠴᠢᢉᠯᠡᠯ  ᠦᠨ ᠲᠠᠪᠤᠨ ᠰᠢᠷᠠᠭᠠᠰᠤ-ᠣᠹᠢᠼᠧᠷ  ᠤᠳ  ᠦᠨ ᠣᠷᠳᠤᠨ ᠣᠷᠤᠬᠤ ᠵᠠᠮᠨᠠᠯ  ᠦᠨ ᠬᠤᠷᠳᠤ ᠡᠮᠦᠨ᠎ᠡ ᠨᠢ ᠑᠑᠐ ᠮᠢᠨᠦᠲ ᠪᠠᠶᠢᠭᠰᠠᠨ ᠪᠣᠯ ᠣᠳᠤ ᠙᠐ ᠮᠢᠨᠦᠲ ᠪᠣᠯᠵᠤ ᠪᠠᠭᠤᠷᠠᠭᠰᠠᠨ᠃  ᠨᠢᢉᠡᠳᠦ᠋ᢉᠡᠷ ᠡᠩᠨᠡᠭᠡ ᠶ᠋ᠢ ᠪᠦᠷᠢᠨ ᠴᠢᠯᠦᢉᠡᠯᠡᠵᠦ ᠴᠢᠳᠠᠭᠰᠠᠨ  ᠢᠶᠠᠷ ᠠᠦ᠋ᠲ᠋ᠣᠪᠦ᠋ᠰ  ᠦᠨ ᠬᠤᠷᠳᠤ ᠒᠂᠗ ᠬᠤᠪᠢ ᠪᠠᠷ ᠨᠡᠮᠡᢉᠳᠡᠵᠦ᠂ ᠬᠦᠯᠢᠶᠡᠯᠲᠡ ᠶ᠋ᠢᠨ ᠬᠤᠭᠤᠴᠠᠭ᠎ᠠ ᠳᠤᠮᠳᠠᠵᠢ ᠪᠠᠷ ᠘-᠑᠐ ᠮᠢᠨᠦᠲ ᠪᠠᠶᠢᠭᠰᠠᠨ ᠪᠣᠯ ᠓-᠕ ᠮᠢᠨᠦ᠋ᠲ ᠪᠣᠯᠵᠤ ᠢᠷᢉᠡᠳ ᠲᠦ ᠦᠢᠯᠡᠴᠢᠯᠡᠵᠦ ᠪᠠᠶᠢᠨ᠎ᠠ᠃

ᠡᠨᠡ ᠦᠶ᠎ᠡ ᠪᠡᠷ ᠢᠷᢉᠡᠳ ᠲᠥᠪ ᠵᠠᠮ  ᠦᠨ ᠨᠢᢉᠡᠳᠦ᠋ᢉᠡᠷ ᠡᠩᠨᠡᠭᠡ ᠪᠡᠷ ᠠᠦ᠋ᠲ᠋ᠣᠪᠦ᠋ᠰ  ᠢ ᠰᠠᠭᠠᠳ ᠦᢉᠡᠢ ᠵᠣᠷᠴᠢᠬᠤ ᠰᠢᠢᠳᠪᠦᠷᠢ ᠭᠠᠷᠭᠠᠭᠰᠠᠨ ᠨᠢ ᠵᠥᠪ᠃  ᠴᠠᠭᠠᠰᠢᠳᠠ ᠪᠠᠨ ᠪᠦᠬᠦ ᠯᠠ ᠴᠢᢉᠯᠡᠯ ᠳ᠋ᠦ ᠠᠦ᠋ᠲ᠋ᠣᠪᠦ᠋ᠰ ᠨᠢᢉᠡᠳᠦ᠋ᢉᠡᠷ ᠡᠩᠨᠡᠭᠡ ᠪᠡᠷ ᠵᠣᠷᠴᠢᠳᠠᠭ ᠪᠣᠯᠴᠢᠬᠠᠪᠠᠯ ᠬᠦᠮᠦᠨ ᠪᠣᠯᠭᠠᠨ ᠠᠦ᠋ᠲ᠋ᠣᠮᠠᠱᠢᠨ᠋ ᠤᠨᠤᠵᠤ ᠲᠦᢉᠵᠢᠷᠡᠬᠦ ᠶ᠋ᠢ ᠬᠦᠰᠡᠬᠦ ᠦᢉᠡᠢ ᠨᠡᠶᠢᠲᠡ ᠶ᠋ᠢᠨ ᠲᠡᢉᠡᢉᠡᠪᠦᠷᠢ ᠪᠡᠷ ᠦᠶᠢᠯᠡᠴᠢᠯᠡᢉᠦᠯᠦᠨ᠎ᠡ ᠰᠢᠦ ᠳ᠋ᠡ ᢉᠡᠪᠡ᠃  ᠮᠥᠨ ᠢᠷᢉᠡᠳ  ᠦᠨ ᠵᠦᠭ ᠡᠴᠡ ᠨᠡᠶᠢᠲᠡ ᠶ᠋ᠢᠨ ᠲᠡᢉᠡᢉᠡᠪᠦᠷᠢ ᠶ᠋ᠢᠨ ᠵᠠᠷᠢᠮ ᠠᠦ᠋ᠲ᠋ᠣᠪᠦ᠋ᠰ ᠴᠢᢉᠯᠡᠯ ᠵᠠᠷᠯᠠᠬᠤ ᠦᢉᠡᠢ ᠪᠠᠶᠢᠭ᠎ᠠ ᠡᠴᠠ ᠡᢉᠦᠳᠡᠨ ᠬᠠᠷᠠᠭᠠᠨ ᠪ ᠪᠡᠷᠬᠡᠰᠢᠶᠡᠯ ᠲᠡᠢ ᠢᠷᢉᠡᠳ᠂ ᠠᠬᠠᠮᠠᠳ  ᠤᠳ ᠪᠠᠭᠤᠳᠠᠯ ᠠᠨᠳᠠᠭᠤᠷᠠᠵᠤ ᠪᠠᠭᠤᠬᠤ ᠬᠦᠨᠳᠦᠷᠡᠯ ᠤᠴᠠᠷᠠᠳᠠᠭ ᠲᠠᠯᠠᠭᠠᠷ ᠬᠡᠯᠡᠯ᠎ᠡ᠃