ᠨᠡᠶᠢᠰᠯᠡᠯ ᠦᠨ ᠤᠳᠤᠷᠢᠳᠬᠤ ᠠᠵᠢᠯᠲᠠᠨ ᠨᠤᠭᠤᠳ ᠦᠨ ᠡᢉᠡᠯᠵᠢᠲᠦ ᠰᠢᠭᠤᠷᠬᠠᠢ ᠵᠥᠪᠯᠡᢉᠡᠨ ᠥᠨᠦᠳᠦᠷ ᠪᠣᠯᠵᠤ᠂ ᠡᠮᠦᠨᠡᠬᠢ ᠡᢉᠦᠷᠭᠡ ᠳᠠᠭᠠᠭᠠᠯᠭᠠᠪᠤᠷᠢ ᠶ᠋ᠢᠨ ᠬᠡᠷᠡᢉᠵᠢᠯᠲᠡ᠂ ᠨᠡᠶᠢᠰᠯᠡᠯ ᠦᠨ ᠬᠤᠳᠠᠯᠳᠤᠨ ᠠᠪᠬᠤ ᠠᠵᠢᠯᠯᠠᠭᠠᠨ ᠪ ᠶᠠᠪᠤᠴᠠ᠂ ᠵᠠᠮ ᠦᠨ ᠬᠦᠳᠡᠯᢉᠡᢉᠡᠨ ᠪ ᠠᠴᠢᠶᠠᠯᠠᠯ ᠢ ᠪᠠᠭᠤᠷᠠᠭᠤᠯᠬᠤ ᠠᠷᠭᠠ ᠬᠡᠮᠵᠢᠶᠡᠨ ᠪ ᠲᠠᠯᠠᠭᠠᠷ ᠲᠠᠨᠢᠯᠴᠠᠭᠤᠯᠵᠤ᠂ ᠳᠠᠷᠠᠭᠠ ᠶ᠋ᠢᠨ ᠡᢉᠦᠷᠭᠡ ᠳᠠᠭᠠᠭᠠᠯᠭᠠᠪᠤᠷᠢ ᠶ᠋ᠢ ᠥᠷᠯᠦᠭᠡ᠃ ᠨᠠᠶᠢᠮᠠᠳᠤᠭᠠᠷ ᠰᠠᠷᠠ ᠶ᠋ᠢᠨ ᠑᠑-ᠨᠢ ᠡᠳᠦᠷ ᠦᠨ ᠡᠮᠦᠨᠡᠬᠢ ᠰᠢᠭᠤᠷᠬᠠᠢ ᠵᠥᠪᠯᠡᢉᠡᠨ ᠢᠶᠡᠷ ᠨᠡᠶᠢᠲᠡ ᠒᠔ ᠡᢉᠦᠷᠭᠡ ᠳᠠᠭᠠᠭᠠᠯᠭᠠᠪᠤᠷᠢ ᠥᢉᢉᠦᢉᠰᠡᠨ᠃ ᠡᢉᠦᠨ ᠡᠴᠡ ᠙᠐-᠑᠐᠐ ᠬᠤᠪᠢ ᠶ᠋ᠢᠨ ᢉᠦᠢᠴᠡᠥᠬᠡᠯ ᠲᠡᠢ ᠕ ᠡᢉᠦᠷᠭᠡ ᠳᠠᠭᠠᠭᠠᠯᠭᠠᠪᠤᠷᠢ᠂ ᠕᠐-᠘᠙ ᠬᠤᠪᠢ ᠶ᠋ᠢᠨ ᢉᠦᠢᠴᠡᠥᠬᠡᠯ ᠲᠡᠢ ᠑᠗ ᠡᢉᠦᠷᠭᠡ ᠳᠠᠭᠠᠭᠠᠯᠭᠠᠪᠤᠷᠢ᠂ ᠬᠤᠭᠤᠴᠠᠭᠠ ᠪᠣᠯᠤᠭᠠ ᠦᢉᠡᠢ ᠪᠤᠶᠤ ᠪᠡᠯᠡᠥᠬᠡᠯ ᠬᠠᠩᠭᠠᠬᠤ ᠒ ᠡᢉᠦᠷᠭᠡ ᠳᠠᠭᠠᠭᠠᠯᠭᠠᠪᠤᠷᠢ ᠪᠠᠶᠢᠭᠠ ᠪᠥᢉᠡᠳ ᠨᠡᠶᠢᠲᠡ ᠒᠔ ᠡᢉᠦᠷᠭᠡ ᠳᠠᠭᠠᠭᠠᠯᠭᠠᠪᠤᠷᠢ ᠶ᠋ᠢᠨ ᠳᠤᠮᠳᠠᠵᠢ ᠬᠡᠷᠡᢉᠵᠢᠯᠲᠡ ᠨᠢ ᠘᠐᠂᠓ ᠬᠤᠪᠢᠲᠠᠢ ᠪᠠᠶᠢᠨᠠ᠃ ᠲᠤᠬᠠᠶᠢᠯᠠᠪᠠᠯ᠂ ᠰᠤᠷᠭᠠᠭᠤᠯᠢ᠂ ᠴᠡᠴᠡᠷᠯᠢᠭ ᠦᠨ ᠣᠷᠴᠢᠨ ᠪ ᠠᠶᠤᠯ ᠦᢉᠡᠢ ᠪᠠᠶᠢᠳᠠᠯ ᠢ ᠪᠦᠷᠢᠳᠦᢉᠦᠯᠬᠦ ᠶ᠋ᠢᠨ ᠲᠤᠯᠠᠳᠠ ᠨᠠᠶᠢᠮᠠᠳᠤᠭᠠᠷ ᠰᠠᠷᠠ ᠶ᠋ᠢᠨ ᠑᠒-᠒᠐- ᠪ ᠡᠳᠦᠷ ᠦᠨ ᠬᠣᠭᠤᠷᠤᠨᠳᠤ ᠑᠙᠕ ᠰᠤᠷᠭᠠᠭᠤᠯᠢ᠂ ᠓᠒᠔ ᠴᠡᠴᠡᠷᠯᠢᠭ ᠦᠨ ᠲᠧᠯᠧ ᠬᠢᠨᠠᠯᠲᠠ ᠶ᠋ᠢᠨ ᠻᠠᠮᠧᠷ ᠦᠨ ᠦᠵᠡᠯᠭᠡ ᠰᠢᠯᠭᠠᠯᠲᠠ ᠶ᠋ᠢ ᠵᠣᠬᠢᠶᠠᠨ ᠪᠠᠶᠢᠭᠤᠯᠤᠭᠰᠠᠨ᠃
ᠮᠥᠨ ᠨᠠᠶᠢᠮᠠᠳᠤᠭᠠᠷ ᠰᠠᠷᠠ ᠶ᠋ᠢᠨ ᠒᠑-ᠨᠢᠢ ᠪᠠᠶᠢᠳᠠᠯ ᠢᠶᠠᠷ ᠨᠡᠶᠢᠲᠡ ᠘᠐ ᠰᠤᠷᠭᠠᠭᠤᠯᠢ᠂ ᠘᠐ ᠴᠡᠴᠡᠷᠯᠢᠭ ᠦᠨ ᠶᠠᠪᠠᠭᠠᠨ ᠬᠦᠮᠦᠨ ᠪ ᠵᠠᠮ᠂ ᠲᠣᠭᠯᠠᠭᠠᠮ ᠦᠨ ᠲᠠᠯᠠᠪᠠᠢ᠂ ᢉᠡᠷᠡᠯᠲᠦᢉᠦᠯᠭᠡ᠂ ᠬᠣᠭ ᠬᠠᠶᠠᠭᠳᠠᠯ ᠦᠨ ᠴᠡᠭ ᠦᠨ ᠪᠢᠲᠡᢉᠦᠮᠵᠢᠯᠡᠯ ᠢ ᠰᠢᠯᠭᠠᠭᠰᠠᠨ᠃ ᠡᠨᠡ ᠦᠶᠡ ᠪᠡᠷ ᠰᠤᠷᠭᠠᠭᠤᠯᠢ᠂ ᠴᠡᠴᠡᠷᠯᠢᠭ ᠤᠳ ᠦᠨ ᠶᠠᠪᠠᠭᠠᠨ ᠬᠦᠮᠦᠨ ᠪ ᠵᠠᠮ ᠡᠪᠳᠡᠷᠡᠯ ᠲᠡᠢ᠂ᠬᠠᠰᠢᠶᠠ ᠰᠲ᠋ᠠᠨ᠋ᠳᠠᠷᠲ ᠦᠨ ᠪᠤᠰᠤ᠂ ᠲᠣᠭᠯᠠᠭᠠᠮ ᠦᠨ ᠲᠠᠯᠠᠪᠠᠢ᠂ ᠴᠢᢉᠢᠷᠠᠭᠵᠢᠭᠤᠯᠬᠤ ᠲᠠᠯᠠᠪᠠᠢ ᠶ᠋ᠢᠨ ᠰᠲ᠋ᠠᠨ᠋ᠳᠠᠷᠲ ᠬᠠᠩᠭᠠᠯᠲᠠ ᠦᢉᠡᠢ᠂ᠬᠣᠭ ᠬᠠᠶᠠᠭᠳᠠᠯ ᠦᠨ ᠴᠡᠭ ᠪᠢᠲᠡᢉᠦᠮᠵᠢᠯᠡᠯ ᠠᠯᠳᠠᠭᠳᠠᠭᠰᠠᠨ᠂ ᠭᠣᠣᠯ ᠬᠠᠭᠠᠯᠭᠠᠨ ᠪ ᠱᠠᠲᠤ᠂ ᠳᠣᠪᠵᠢᠶᠠ ᠬᠦᢉᠵᠢᠯ ᠦᠨ ᠪᠡᠷᢈᠡᠰᠢᠶᠡᠯ ᠲᠡᠢ ᠢᠷᢉᠡᠨ ᠳ᠋ᠦ ᠬᠦᠷᠲᠡᢉᠡᠮᠵᠢ ᠦᢉᠡᠢ᠂ ᢉᠡᠷᠡᠯᠲᠦᢉᠦᠯᠭᠡ ᠬᠠᠩᠭᠠᠯᠲᠠ ᠦᢉᠡᠢ ᠵᠡᠷᠭᠡ ᠲᠦᢉᠡᠮᠡᠯ ᠵᠥᠷᠢᠴᠡᠯ ᠢᠯᠡᠷᠡᢉᠰᠡᠨ᠃ ᠨᠡᠶᠢᠲᠡ ᠖᠕᠔ ᠵᠥᠷᠢᠴᠡᠯ ᠢ ᠢᠯᠡᠷᠡᢉᠦᠯᠵᠦ᠂ ᠔᠕ ᠱᠠᠭᠠᠷᠳᠠᠬᠤ ᠬᠠᠭᠤᠳᠠᠰᠤ ᠬᠦᠷᢉᠡᢉᠦᠯᠵᠦ᠂ ᠵᠥᠷᠢᠴᠡᠯ ᠢ ᠠᠷᠢᠯᠭᠠᠭᠤᠯᠵᠤ ᠪᠠᠶᠢᠨᠠ᠃
᠒᠐᠒᠕ ᠣᠨ ᠳ᠋ᠤ ᠰᠤᠷᠭᠠᠭᠤᠯᠢ᠂ ᠴᠡᠴᠡᠷᠯᠢᠭ ᠦᠨ ᠣᠷᠴᠢᠨ ᠢ ᠰᠠᠶᠢᠵᠢᠷᠠᠭᠤᠯᠬᠤ ᠵᠣᠷᠢᠯᠭᠠ ᠪᠠᠷ ᠨᠡᠶᠢᠰᠯᠡᠯ ᠡᠴᠡ ᠖᠖᠂᠒ ᠲᠡᠷᠪᠤᠮ ᠲᠥᢉᠦᠷᠢᠭ ᠢ ᠵᠠᠷᠤᠴᠠᠭᠤᠯᠤᠭᠰᠠᠨ᠃ ᠥᠩᢉᠡᠷᠡᢉᠰᠡᠨ ᠳᠣᠯᠤᠭᠠ ᠬᠣᠨᠤᠭ ᠲᠤ ᠨᠡᠶᠢᠰᠯᠡᠯ ᠦᠨ ᠵᠠᠰᠠᠭ ᠳᠠᠷᠤᠭᠠ ᠶ᠋ᠢᠨ ᠨᠥᢉᠡᠴᠡ ᠬᠦᠷᠦᠩᢉᠡ ᠪᠡᠷ ᠒᠗ ᠰᠤᠷᠭᠠᠭᠤᠯᠢ᠂ ᠴᠡᠴᠡᠷᠯᠢᢉ᠂ ᠡᠮᠨᠡᠯᠭᠡ ᠶ᠋ᠢᠨ ᠱᠤᠭᠤᠮ ᠰᠦᠯᠵᠢᠶᠡ ᠪᠣᠯᠤᠨ ᠘ ᠡᠮᠨᠡᠯᠭᠡ ᠵᠠᠰᠠᠪᠤᠷᠢᠯᠠᠬᠤ᠂ ᠒᠐ ᠠᠭᠤᠷ ᠦᠨ ᠵᠤᠤᠬᠠ ᠰᠢᠨᠡᠴᠢᠯᠡᠬᠦ ᠠᠵᠢᠯ ᠢ ᠡᠬᠢᠯᠡᢉᠦᠯᠵᠡᠢ᠃