ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠣᠷᠤᠯᠭ᠎ᠠ ᠖᠘᠂᠔ ᠬᠤᠪᠢ ᠪᠠᠷ ᠥᠰᠪᠡ

ᠤᠯᠠᠭᠠᠨᠪᠠᠭᠠᠲᠤᠷ ᠬᠣᠲᠠ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠴᠣᠭᠴᠠ ᠰᠢᠨᠡᠴᠢᠯᠡᠯᠲᠡ ᠬᠢᢉᠰᠡᠨ ᠪ ᠦᠷ᠎ᠡ ᠳ᠋ᠦᠩ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠣᠷᠤᠯᠭ᠎ᠠ ᠡᠮᠦᠨᠡᠬᠢ ᠵᠢᠯ  ᠤᠳ ᠲᠡᠢ ᠬᠠᠷᠢᠴᠠᠭᠤᠯᠬᠤ ᠳ᠋ᠤ ᠥᠰᠦᢉᠰᠡᢉᠡᠷ ᠪᠠᠶᠢᠨ᠎ᠠ᠃ ᠒᠐᠒᠔ ᠣᠨ ᠳᠣᠯᠤᠭᠠᠳᠤᠭᠠᠷ ᠰᠠᠷ᠎ᠠ ᠶ᠋ᠢᠨ ᠓᠑-ᠨᠢᠢ ᠡᠳᠦᠷ  ᠦᠨ ᠪᠠᠶᠢᠳᠠᠯ ᠢ ᠢᠶᠠᠷ ᠨᠡᠶᠢᠲᠡ ᠶ᠋ᠢᠨ ᠲᠡᢉᠡᢉᠡᠪᠦᠷᠢ ᠪᠡᠷ ᠵᠣᠷᠴᠢᠭᠴᠢᠳ  ᠦᠨ ᠲᠣᠭ᠎ᠠ ᠘᠑᠂᠙ ᠰᠠᠶ᠋ᠢ᠂ ᠨᠡᠶᠢᠲᠡ ᠶ᠋ᠢᠨ ᠲᠡᢉᠡᢉᠡᠪᠦᠷᠢ ᠶ᠋ᠢᠨ ᠨᠡᠶᠢᠲᠡ ᠣᠷᠤᠯᠭ᠎ᠠ ᠑᠘᠂᠑ ᠲᠡᠷᠪᠤᠮ ᠲᠥᢉᠦᠷᠢᠡ ᠪᠠᠶᠢᠭᠰᠠᠨ᠃  ᠒᠐᠒᠕ ᠣᠨ ᠪ ᠳᠣᠯᠤᠭᠠᠳᠤᠭᠠᠷ ᠰᠠᠷ᠎ᠠ ᠶ᠋ᠢᠨ ᠓᠑-ᠨᠢᠢ ᠡᠳᠦᠷ  ᠦᠨ ᠪᠠᠶᠢᠳᠠᠯ  ᠢᠶᠠᠷ ᠨᠡᠶᠢᠲᠡ ᠶ᠋ᠢᠨ ᠲᠡᢉᠡᢉᠡᠪᠦᠷᠢ ᠪᠡᠷ ᠵᠣᠷᠴᠢᠭᠴᠢᠳ  ᠦᠨ ᠲᠣᠭ᠎ᠠ ᠙᠑᠂᠒ ᠰᠠᠶ᠋ᠢ᠂ ᠨᠡᠶᠢᠲᠡ ᠶ᠋ᠢᠨ ᠲᠡᢉᠡᢉᠡᠪᠦᠷᠢ ᠶ᠋ᠢᠨ ᠨᠡᠶᠢᠲᠡ ᠣᠷᠤᠯᠭ᠎ᠠ ᠓᠐᠂᠓ ᠲᠡᠷᠪᠤᠮ ᠲᠥᢉᠦᠷᠢᢉ ᠪᠣᠯᠵᠤ ᠥᠰᠦᠯ᠎ᠡ᠃

ᠡᠨᠡ  ᠬᠦ ᠒᠐᠒᠕ ᠣᠨ ᠪ ᠡᠬᠢᠨ ᠪ ᠳᠣᠯᠤᠭᠠᠨ ᠰᠠᠷ᠎ᠠ ᠶ᠋ᠢᠨ ᠪᠠᠶᠢᠳᠠᠯ  ᠢ ᠒᠐᠒᠔ ᠣᠨ ᠪ ᠡᠬᠢᠨ ᠪ ᠳᠣᠯᠤᠭᠠᠨ ᠰᠠᠷ᠎ᠠ ᠲᠠᠢ ᠬᠠᠷᠢᠴᠠᠭᠤᠯᠬᠤ ᠳ᠋ᠤ ᠨᠡᠶᠢᠲᠡ ᠶ᠋ᠢᠨ ᠲᠡᢉᠡᢉᠡᠪᠦᠷᠢ ᠪᠡᠷ ᠵᠣᠷᠴᠢᠬᠤ ᠬᠦᠮᠦᠰ  ᠦᠨ ᠲᠣᠭ᠎ᠠ ᠙᠂᠒ ᠰᠠᠶ᠎ᠠ ᠪᠠᠷ ᠪᠤᠶᠤ ᠑᠑᠂᠓ ᠬᠤᠪᠢ ᠪᠠᠷ᠂ ᠨᠡᠶᠢᠲᠡ ᠶ᠋ᠢᠨ ᠲᠡᢉᠡᢉᠡᠪᠦᠷᠢ ᠶ᠋ᠢᠨ ᠣᠷᠤᠯᠭ᠎ᠠ ᠑᠒᠂᠔ ᠲᠡᠷᠪᠤᠮ ᠲᠥᢉᠦᠷᠡ  ᠢᠶᠡᠷ ᠪᠤᠶᠤ ᠖᠘᠂᠔ ᠬᠤᠪᠢ ᠪᠠᠷ ᠥᠰᠦᢉᠰᠡᠨ ᠨᠢ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠫᠠᠷᠻ ᠰᠢᠨᠡᠴᠢᠯᠡᠯᠲᠡ ᠲᠡᠢ ᠰᠠᠯᠤᠰᠢ ᠦᢉᠡᠢ ᠬᠣᠯᠪᠤᠭ᠎ᠠ ᠲᠠᠢ᠃

ᠤᠯᠠᠭᠠᠨᠪᠠᠭᠠᠲᠤᠷ ᠬᠣᠲᠠ ᠡᠴᠠ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠖᠐᠐ ᠠᠦ᠋ᠲ᠋ᠣᠪᠦ᠋ᠰ  ᠢ ᠰᠢᠨ᠎ᠡ ᠪᠡᠷ ᠣᠷᠤᠭᠤᠯᠵᠤ ᠢᠷᠡᠵᠦ ᠫᠠᠷᠻ ᠰᠢᠨᠡᠴᠢᠯᠡᠯᠲᠡ ᠶ᠋ᠢ ᠡᠬᠢᠯᠡᢉᠦᠯᠵᠦ ᠪᠠᠶᠢᠭᠰᠠᠨ ᠪᠣᠯ ᠡᢉᠦᠨ ᠡᠴᠡ ᠬᠣᠶᠢᠰᠢ ᠵᠢᠯᠤᠭᠤᠴᠢ ᠶ᠋ᠢᠨ ᠴᠠᠯᠢᠩ  ᠢ ᠑᠐᠐᠐ ᠠᠮ‍᠂ ᠳ᠋ᠣᠯᠯᠠᠷ ᠲᠤ ᠬᠦᠷᠬᠡᢉᠰᠡᠨ᠃  ᠠᠦ᠋ᠲ᠋ᠣᠪᠦ᠋ᠰ ᠲᠤ ᠤᠬᠠᠭᠠᠯᠢᠭ ᠳᠡᠯᢉᠡᠴᠡ᠂ ᠦᠨ᠎ᠡ ᠦᢉᠡᠢ ᠢᠨ᠋ᠲ᠋ᠧᠷᠨᠧᠲ ᠰᠠᠭᠤᠷᠢᠯᠠᠭᠤᠯᠵᠤ᠂ ᠮᠡᠳᠡᠭᠡ ᠮᠡᠳᠡᢉᠡᠯᠡᠯ  ᠢ ᠨᠡᠶᠢᠲᠡ ᠶ᠋ᠢᠨ ᠲᠡᢉᠡᢉᠡᠪᠦᠷᠢ ᠪᠡᠷ ᠵᠣᠷᠴᠢᠵᠤ ᠪᠤᠢ ᠢᠷᢉᠡᠳ ᠲᠦ ᠲᠦᢉᠡᢉᠡᠳᠡᠭ ᠪᠣᠯᠤᠭᠰᠠᠨ᠃  ᠨᠡᠶᠢᠲᠠ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠣᠯᠠᠨ ᠲᠥᠷᠦᠯᠲᠡ ᠲᠥᠯᠦᠪᠦᠷᠢ ᠶ᠋ᠢᠨ ᠰᠢᠰᠲ᠋ᠧᠮ  ᠢ ᠨᠡᠪᠲᠡᠷᠡᢉᠦᠯᠵᠦ᠂ ᠢᠷᢉᠡᠳ ᠪᠠᠩᠻᠢ ᠶ᠋ᠢᠨ ᠻᠠᠷᠲ  ᠢᠶᠠᠷ  ᠢᠶᠠᠨ ᠴᠤ ᠨᠡᠶᠢᠲᠡ ᠶ᠋ᠢᠨ ᠲᠡᢉᠡᢉᠡᠪᠦᠷᠢ ᠳ᠋ᠦ ᠦᠢᠯᠡᠴᠢᠯᠡᢉᠦᠯᠬᠦ ᠬᠢᠯᠪᠠᠷ ᠬᠡᠷᠡᢉᠯᠡᠭᠡ ᠶ᠋ᠢ ᠪᠤᠢ ᠪᠣᠯᠭᠠᠭᠰᠠᠨ᠃  ᠤᠯᠠᠭᠠᠨᠪᠠᠭᠠᠲᠤᠷ ᠬᠣᠲᠠ ᠶ᠋ᠢᠨ ᠑᠐᠐ ᠪᠠᠶᠢᠷᠢᠰᠢᠯ ᠳ᠋ᠤ ᠠᠦ᠋ᠲ᠋ᠣᠪᠦ᠋ᠰ  ᠦᠨ ᠻᠠᠷᠲ ᠪᠣᠷᠤᠯᠠᠭᠤᠯᠬᠤ ᠪᠣᠯᠤᠨ ᠴᠡᠨᠡᢉᠯᠡᢉᠴᠢ ᠻᠢᠣᠰᠻ ᠲᠥᠬᠦᢉᠡᠷᠦᠮᠵᠢ ᠪᠠᠶᠢᠷᠢᠰᠢᠭᠤᠯᠤᠭᠰᠠᠨ᠃  ᠮᠥᠨ ᠬᠠᠤᠯᠢ᠂ ᠡᠷᠭᠡ ᠵᠦᠢ ᠶ᠋ᠢᠨ ᠬᠤᠪᠢ ᠳ᠋ᠤ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠦᠶ᠎ᠡ ᠱᠠᠲᠤ ᠲᠠᠢ ᠰᠢᠨᠡᠴᠢᠯᠡᠯᠲᠡ ᠨᠦ᠋ᢉᠦᠳ  ᠢ ᠬᠢᢉᠰᠡᠨ᠃  ᠲᠤᠬᠠᠶᠢᠯᠠᠪᠠᠯ᠂ ᠥᠩᢉᠡᠷᠡᢉᠰᠡᠨ ᠬᠠᠪᠤᠷ ᠨᠡᠶᠢᠰᠯᠡᠯ ᠬᠣᠲᠠ ᠤᠯᠠᠭᠠᠨᠪᠠᠭᠠᠲᠤᠷ ᠰᠮᠠᠷᠲ ᠻᠠᠷᠲ ᠬᠦᠭᠡ-ᠡᠶᠢᠨ ᠗᠙ ᠬᠤᠪᠢ ᠶ᠋ᠢᠨ ᠬᠤᠪᠢᠴᠠᠭ᠎ᠠ ᠡᠵᠡᠮᠰᠢᢉᠴᠢ ᠪᠣᠯᠵᠤ᠂ ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠣᠷᠤᠯᠭ᠎ᠠ᠂ ᠵᠣᠬᠢᠴᠠᠭᠤᠯᠤᠯᠲᠠ ᠶ᠋ᠢ ᠬᠢᠨᠠᠬᠤ ᠪᠣᠯᠤᠮᠵᠢ ᠪᠦᠷᠢᠳᠦᢉᠰᠡᠨ᠃

ᠲᠡᢉᠦᠨᠴᠢᠯᠡᠨ ᠤᠯᠠᠭᠠᠨᠪᠠᠭᠠᠲᠤᠷ ᠬᠣᠲᠠ ᠶ᠋ᠢᠨ ᠵᠠᠮ  ᠦᠨ ᠬᠦᠳᠡᠯᢉᠡᢉᠡᠨ ᠪ ᠲᠦᢉᠵᠢᠷᠡᠯ  ᠢ ᠪᠠᠭᠤᠷᠠᠭᠤᠯᠬᠤ᠂ ᢉᠡᠷ ᠬᠣᠷᠢᠶᠠᠯᠠᠯ  ᠢ ᠣᠷᠤᠨ ᠰᠠᠭᠤᠴᠠᠵᠢᠭᠤᠯᠬᠤ ᠲᠤᠬᠠᠢ ᠬᠠᠤᠯᠢ ᠶ᠋ᠢ ᠪᠠᠲᠤᠯᠠᠵᠤ᠂ ᠤᠭ ᠬᠠᠤᠯᠢ ᠶ᠋ᠢᠨ ᠗ ᠳ᠋ᠤᠭᠠᠷ ᠵᠦᠢᠯ ᠳ᠋ᠦ ᠨᠡᠶᠢᠲᠡ ᠶ᠋ᠢᠨ ᠲᠡᢉᠡᢉᠡᠪᠦᠷᠢ ᠶ᠋ᠢ ᠬᠦᢉᠵᠢᢉᠦᠯᠬᠦ ᠰᠠᠩ  ᠦᠨ ᠲᠠᠯᠠᠭᠠᠷᠬᠢ ᠵᠣᠬᠢᠴᠠᠭᠤᠯᠤᠯᠲᠠ ᠶ᠋ᠢ ᠠᠩᠬ᠎ᠠ ᠤᠳᠠᠭ᠎ᠠ ᠲᠤᠰᠬᠠᠵᠤ ᠥᢉᢉᠦᢉᠰᠡᠨ᠃  ᠢᠩᢉᠢᢉᠰᠡᠨ  ᠢᠶᠡᠷ ᠨᠡᠶᠢᠲᠡ ᠶ᠋ᠢᠨ ᠲᠡᢉᠡᢉᠡᠪᠦᠷᠢ ᠶ᠋ᠢ ᠬᠦᢉᠵᠢᢉᠦᠯᠬᠦ ᠰᠠᠩ  ᠦᠨ ᠦᠢᠯᠡ ᠠᠵᠢᠯᠯᠠᠭ᠎ᠠ᠂ ᠬᠦᠷᠦᠩᠭᠡ ᠵᠣᠬᠢᠴᠠᠭᠤᠯᠤᠯᠲᠠ ᠲᠣᠳᠤᠷᠬᠠᠢ ᠪᠣᠯᠵᠤ᠂ ᠒᠐᠒᠔ ᠣᠨ ᠳ᠋ᠤ ᢉᠡᠬᠦ ᠳ᠋ᠦ ᠓᠑ ᠤᠭᠰᠠᠷᠠᠭ᠎ᠠ ᠠᠦ᠋ᠲ᠋ᠣᠪᠦ᠋ᠰ᠂ ᠒᠐᠒᠕ ᠣᠨ ᠳ᠋ᠤ ᠑᠐ ᠲᠣᠮᠤ ᠣᠪᠤᠷ  ᠦᠨ ᠠᠦ᠋ᠲ᠋ᠣᠪᠦ᠋ᠰ  ᠢ ᠰᠠᠩ  ᠦᠨ ᠬᠦᠷᠦᠩᠭᠡ ᠪᠡᠷ ᠬᠤᠳᠠᠯᠳᠤᠨ ᠠᠪᠴᠤ᠂ ᠦᠢᠯᠡᠴᠢᠯᠡᢉᠡᠨ ᠳ᠋ᠦ ᠶᠠᠪᠤᠭᠤᠯᠵᠤ ᠪᠠᠶᠢᠭ᠎ᠠ ᠶᠤᠮ᠃  ᠡᠨᠡ ᠮᠡᠲᠦᠴᠢᠯᠡᠨ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠦᠶ᠎ᠡ ᠱᠠᠲᠤᠲᠠᠢ ᠰᠢᠨᠡᠴᠢᠯᠡᠯᠲᠡ ᠬᠢᠵᠦ᠂ ᠦᠢᠯᠡᠴᠢᠯᠡᠭᠡ ᠶ᠋ᠢ ᠰᠠᠶᠢᠵᠢᠷᠠᠭᠤᠯᠤᠭᠰᠠᠨ  ᠢᠶᠠᠷ ᠨᠡᠶᠢᠲᠡ ᠶ᠋ᠢᠨ ᠲᠡᢉᠡᢉᠡᠪᠦᠷᠢ ᠶ᠋ᠢᠨ ᠣᠷᠤᠯᠭ᠎ᠠ ᠨᠡᠮᠡᢉᠳᠡᢉᠡᠳ ᠪᠠᠶᠢᠨ᠎ᠠ᠃