ᠨᠡᠶᠢᠰᠯᠡᠯ ᠦᠨ ᠤᠳᠤᠷᠢᠳᠬᠤ ᠠᠵᠢᠯᠲᠠᠨ ᠨᠤᠭᠤᠳ ᠦᠨ ᠡᢉᠡᠯᠵᠢᠲᠦ ᠰᠢᠭᠤᠷᠬᠠᠢ ᠵᠥᠪᠯᠡᢉᠡᠨ ᠥᠨᠦᠳᠦᠷ ᠪᠣᠯᠵᠤ᠂ ᠡᠪᠦᠯᠵᠢᠯᠲᠡ᠂ ᠠᠦ᠋ᠲ᠋ᠣ᠋ ᠵᠠᠮ᠂ ᠭᠠᠵᠠᠷ ᠴᠢᠯᠦᢉᠡᠯᠡᠯᠲᠡ ᠶ᠋ᠢᠨ ᠠᠵᠢᠯ ᠤᠳ ᠲᠠᠢ ᠬᠣᠯᠪᠤᠭᠠᠲᠠᠢ ᠠᠰᠠᠭᠤᠳᠠᠯ ᠤᠳ ᠢ ᠬᠡᠯᠡᠯᠴᠡᠵᠦ᠂ ᠾᠢᠦ᠋ᠩᠨᠦ ᠬᠣᠲᠠ ᠶ᠋ᠢᠨ ᠦᠵᠡᠯ ᠪᠠᠷᠢᠮᠲᠠᠯᠠᠯ ᠪᠣᠯᠪᠠᠰᠤᠷᠠᠭᠤᠯᠬᠤ ᠣᠯᠠᠨ ᠤᠯᠤᠰ ᠦᠨ ᠰᠣᠩᠭᠤᠨ ᠰᠢᠯᠭᠠᠷᠠᠭᠤᠯᠤᠯᠲᠠ ᠶ᠋ᠢᠨ ᠲᠠᠯᠠᠭᠠᠷ ᠢᠯᠡᠳᠬᠡᠯ ᠰᠣᠨᠤᠰᠤᠯ᠎ᠠ᠃
ᠨᠡᠶᠢᠰᠯᠡᠯ ᠦᠨ ᠒᠐᠒᠕-᠒᠐᠒᠖ ᠣᠨ ᠪ ᠡᠪᠦᠯᠵᠢᠯᠲᠡ ᠶ᠋ᠢᠨ ᠪᠡᠯᠡᠳᢈᠡᠯ ᠬᠠᠩᠭᠠᠬᠤ ᠠᠵᠢᠯ ᠦᠨ ᠬᠦᠷᠢᠶᠡᠨ ᠳ᠋ᠦ ᠨᠡᠶᠢᠲᠡ ᠗᠕᠐ ᠲᠥᠰᠦᠯ᠂ ᠠᠷᠭ᠎ᠠ ᠬᠡᠮᠵᠢᠶ᠎ᠡ ᠶ᠋ᠢ ᠬᠡᠷᠡᢉᠵᠢᢉᠦᠯᠵᠦ ᠪᠠᠶᠢᠨ᠎ᠠ᠃ ᠥᠨᠦᠳᠦᠷ ᠦᠨ ᠪᠠᠶᠢᠳᠠᠯ ᠢᠶᠠᠷ ᠡᠪᠦᠯᠵᠢᠯᠲᠡ ᠶ᠋ᠢᠨ ᠪᠡᠯᠡᠳᢈᠡᠯ ᠠᠵᠢᠯ ᠖᠓ ᠬᠤᠪᠢ ᠶ᠋ᠢᠨ ᢉᠦᠢᠢᠴᠡᠳᠬᠡᠯ ᠲᠡᠢ ᠪᠠᠶᠢᠭ᠎ᠠ ᠪᠥᢉᠡᠳ ᠳᠤᠯᠠᠭᠠᠨ᠂ ᠴᠠᠬᠢᠯᠭᠠᠨ ᠬᠠᠩᠭᠠᠮᠵᠢ᠂ ᠢᠨᠵᠧᠨᠧᠷ ᠦᠨ ᠳᠡᠳ᠋ ᠪᠦᠲᠦᠴᠡ᠂ ᠣᠷᠤᠨ ᠰᠠᠭᠤᠴᠠ᠂ ᠨᠡᠶᠢᠲᠡ ᠶ᠋ᠢᠨ ᠠᠵᠤ ᠠᠬᠤᠢ᠂ ᠡᠷᠡᢉᠦᠯ ᠮᠡᠨᠳᠦ᠂ ᠪᠣᠯᠪᠠᠰᠤᠷᠠᠯ ᢉᠡᢈᠦ ᠮᠡᠲᠦᠴᠢᠯᠡᠨ ᠰᠠᠯᠪᠤᠷᠢ ᠰᠠᠯᠪᠤᠷᠢ ᠳ᠋ᠤ ᠡᠪᠦᠯᠵᠢᠯᠲᠡ ᠶ᠋ᠢᠨ ᠪᠡᠯᠡᠳᠬᠡᠯ ᠠᠵᠢᠯ ᠤᠳ ᠦᠷᢉᠦᠯᠵᠢᠯᠡᠵᠦ ᠪᠠᠶᠢᠭ᠎ᠠ ᠶ᠋ᠢ ᠤᠪᠵᠠᠭᠠ-ᠨᠢ ᠬᠣᠲᠠ ᠶ᠋ᠢᠨ ᠢᠨ᠋ᠵᠧᠨᠧᠷ ᠦᠨ ᠳᠡᠳ᠋ ᠪᠦᠲᠦᠴᠡ ᠶ᠋ᠢᠨ ᠭᠠᠵᠠᠷ ᠦᠨ ᠳᠠᠷᠤᠭ᠎ᠠ᠂ᠶᠡᠷᠦᠩᠬᠡᠢ ᠢᠨᠵᠧᠨᠧᠷ ᠯᠠ᠃ ᠠᠯᠲᠠᠨᢉᠡᠷᠡᠯ ᠲᠠᠨᠢᠯᠴᠠᠭᠤᠯᠤᠯ᠎ᠠ᠃
ᠰᠢᠭᠤᠷᠬᠠᠢ ᠵᠥᠪᠯᠡᢉᠡᠨ ᠪ ᠦᠶ᠎ᠡ ᠪᠡᠷ ᠬᠣᠲᠠ ᠶ᠋ᠢᠨ ᠳᠠᠷᠤᠭ᠎ᠠ ᠬᠠ᠂ ᠨᠢᠮᠠᠪᠠᠭᠠᠲᠤᠷ ᠡᠪᠦᠯᠵᠢᠯᠲᠡ ᠶ᠋ᠢᠨ ᠪᠡᠯᠡᠳᠬᠡᠯ ᠬᠩᠭᠠᠬᠤ ᠠᠵᠢᠯ ᠢ ᠠᠭᠠᠷ ᠦᠨ ᠪᠣᠬᠢᠷᠳᠠᠯ ᠢ ᠪᠠᠭᠤᠷᠠᠭᠤᠯᠬᠤ ᠠᠵᠢᠯ ᠤᠳ ᠲᠠᠢ ᠬᠣᠣᠰᠯᠠᠭᠤᠯᠤᠨ ᠴᠢᠨᠠᠷᠲᠠᠢ ᢉᠦᠢᠴᠡᠥᠬᠡᠬᠦ ᠶ᠋ᠢ ᠡᢉᠦᠷᠭᠡ ᠪᠣᠯᠭᠠᠯ᠎ᠠ᠃ ᠲᠤᠬᠠᠶᠢᠯᠠᠪᠠᠯ ᠴᠠᠬᠢᠯᠭᠠᠨ ᠬᠠᠩᠭᠠᠮᠵᠢ ᠶ᠋ᠢᠨ ᠡᠪᠦᠯᠵᠢᠯᠲᠡ ᠶ᠋ᠢᠨ ᠪᠡᠯᠡᠳᠬᠡᠯ ᠠᠵᠢᠯ ᠦᠨ ᠬᠦᠷᠢᠶᠡᠨ ᠳ᠋ᠦ ᠦᠨᠳᠦᠰᠦᠨ ᠱᠤᠭᠤᠮ ᠲᠣᠨᠤᠭᠯᠠᠯ ᠦᠨ ᠨᠡᠶᠢᠲᠡ ᠓᠒ ᠨᠡᠷ᠎ᠡ ᠲᠥᠷᠦᠯ ᠦᠨ ᠙᠘ ᠠᠵᠢᠯ ᢉᠦᠢᠴᠡᠥᠬᠡᠵᠦ ᠪᠠᠶᠢᠨ᠎ᠠ᠃ ᠤᠷᠤᠰᠬᠠᠯ ᠵᠠᠰᠠᠪᠤᠷᠢ ᠪᠠᠷ ᠓᠓᠘᠗ ᠱᠤᠭᠤᠮ ᠲᠣᠨᠤᠭᠯᠠᠯ ᠳ᠋ᠤ ᠵᠠᠰᠠᠪᠤᠷᠢ ᠶ᠋ᠢᠨ ᠠᠵᠢᠯ ᠢ ᠬᠤᠪᠢᠶᠠᠷᠢ ᠶ᠋ᠢᠨ ᠳᠠᠭᠠᠭᠤ ᠵᠣᠬᠢᠶᠠᠨ ᠪᠠᠶᠢᠭᠤᠯᠤᠨ ᠠᠵᠢᠯᠯᠠᠵᠤ ᠪᠠᠶᠢᠭ᠎ᠠ ᠶᠤᠮ᠃ ᠳᠤᠯᠠᠭᠠᠨ ᠬᠠᠩᠭᠠᠮᠵᠢ ᠶ᠋ᠢᠨ ᠡᠪᠦᠯᠵᠢᠯᠲᠡ ᠶ᠋ᠢᠨ ᠪᠡᠯᠡᠳᠬᠡᠯ ᠠᠵᠢᠯ ᠦᠨ ᠬᠦᠷᠢᠶᠡᠨ ᠳ᠋ᠦ ᠑᠓᠂᠕ ᠻᠮ ᠳᠤᠯᠠᠭᠠᠨ ᠪ ᠭᠣᠣᠯ ᠱᠤᠭᠤᠮ ᠰᠦᠯᠵᠢᠶ᠎ᠡ ᠶ᠋ᠢ ᠰᠢᠨᠡᠴᠢᠯᠡᠬᠦ᠂ ᠱᠤᠭᠤᠮ ᠲᠣᠨᠤᠭᠯᠠᠯ ᠦᠨ ᠶᠡᠭᠡ ᠵᠠᠰᠠᠪᠤᠷᠢ᠂ ᠤᠷᠤᠰᠬᠠᠯ ᠵᠠᠰᠠᠪᠤᠷᠢ ᠵᠡᠷᠭᠡ ᠠᠵᠢᠯ ᠦᠨ ᠶᠠᠪᠤᠴᠠ ᠖᠐ ᠭᠠᠷᠤᠢ ᠬᠤᠪᠢᠲᠠᠢ ᠪᠠᠶᠢᠨ᠎ᠠ᠃ ᠡᢉᠦᠨ ᠳ᠋ᠦ
《ᠤᠯᠠᠭᠠᠨᠪᠠᠭᠠᠲᠤᠷ ᠬᠣᠲᠠ ᠶ᠋ᠢᠨ ᠳᠤᠯᠠᠭᠠᠨ ᠬᠠᠩᠭᠠᠮᠵᠢ ᠶ᠋ᠢᠨ ᠦᠷ᠎ᠡ ᠠᠰᠢᠭ ᠢ ᠳᠡᢉᠡᢉᠰᠢᠯᠡᢉᠦᠯᠬᠦ ᠲᠥᠰᠦᠯ》-ᠡᠶᠢᠨ ᠨᠠᠢᠮᠠᠨ ᠭᠣᠣᠯ ᠱᠤᠭᠤᠮ ᠦᠨ ᠠᠵᠢᠯ ᠘᠕ ᠬᠤᠪᠢᠲᠠᠢ᠃ ᠤᠯᠠᠭᠠᠨᠪᠠᠭᠠᠲᠤᠷ ᠳᠤᠯᠠᠭᠠᠨ ᠪ ᠰᠦᠯᠵᠢᠶ᠎ᠡ ᠲᠥᠬᠦᠻ- ᠢᠢᠨ ᠱᠤᠭᠤᠮ ᠲᠣᠨᠤᠭᠯᠠᠯ᠂ ᠵᠠᠰᠠᠪᠤᠷᠢ ᠶ᠋ᠢᠨ ᠠᠵᠢᠯ ᠦᠨ ᠶᠠᠪᠤᠴᠠ ᠕᠓ ᠬᠤᠪᠢᠲᠠᠢ᠂ ᠶᠡᠭᠡ ᠵᠠᠰᠠᠪᠤᠷᠢ ᠶ᠋ᠢᠨ ᠬᠣᠶᠠᠷ ᠠᠵᠢᠯ ᠳᠠᠭᠤᠰᠤᠭᠰᠠᠨ᠃ ᠤᠯᠤᠰ᠂ ᠨᠡᠶᠢᠰᠯᠡᠯ ᠦᠨ ᠨᠠᠢᠮᠠᠨ ᠠᠵᠢᠯ ᠦᠨ ᠶᠠᠪᠤᠴᠠ ᠔᠘ ᠬᠤᠪᠢ ᠲᠠᠢ᠃ ᠬᠡᠷᠡᢉᠯᠡᢉᠴᠢ᠂ ᠣᠷᠤᠨ ᠰᠠᠭᠤᠴᠠᠨ ᠪ ᠻᠣᠨ᠋ᠲ᠋ᠣᠷ ᠦᠨ ᠵᠠᠰᠠᠪᠤᠷᠢ ᠶ᠋ᠢᠨ ᠠᠵᠢᠯ ᠔᠐ ᠬᠤᠪᠢ ᠲᠠᠢ ᠬᠡᠷᠡᢉᠵᠢᠵᠦ ᠪᠠᠶᠢᠨ᠎ᠠ᠃ ᠒᠐᠒᠕ ᠣᠨ ᠳ᠋ᠤ ᠨᠡᠶᠢᠰᠯᠡᠯ ᠦᠨ ᠡᠷᠡᢉᠦᠯ ᠮᠡᠨᠳᠦ ᠶ᠋ᠢᠨ ᠰᠠᠯᠪᠤᠷᠢ ᠳ᠋ᠤ ᠙᠒ ᠨᠡᠷ᠎ᠡ ᠲᠥᠷᠦᠯ ᠦᠨ ᠲᠥᠰᠦᠯ᠂ ᠠᠷᠭ᠎ᠠ ᠬᠡᠮᠵᠢᠶ᠎ᠡ ᠶ᠋ᠢ ᠬᠡᠷᠡᢉᠵᠢᢉᠦᠯᠦᠨᠡ᠃ ᠡᢉᠦᠨ ᠡᠴᠡ ᠳᠠᠭᠤᠰᠤᠭᠰᠠᠨ ᠖᠕ ᠠᠵᠢᠯ᠂ ᠬᠡᠷᠡᢉᠵᠢᠵᠦ ᠪᠠᠶᠢᠭ᠎ᠠ ᠒᠗ ᠠᠵᠢᠯ ᠪᠠᠶᠢᠭ᠎ᠠ ᠪᠥᢉᠡᠳ ᠡᠪᠦᠯᠵᠢᠯᠲᠡ ᠶ᠋ᠢᠨ ᠪᠡᠯᠡᠥᠬᠡᠯ ᠠᠵᠢᠯ ᠗᠐᠂᠙ ᠬᠤᠪᠢ ᠶ᠋ᠢᠨ ᢉᠦᠢᠴᠡᠥᠬᠡᠯ ᠲᠡᠢ ᠪᠠᠶᠢᠭ᠎ᠠ ᠠᠵᠢ᠃