ᠨᠡᠶᠢᠲᠡ ᠶ᠋ᠢᠨ ᠡᠵᠡᠮᠰᠢᠯ ᠦᠨ ᠵᠠᠮ ᠲᠠᠯᠠᠪᠠᠢ ᠪᠤᠶᠤ ᠵᠣᠷᠢᠭᠤᠯᠤᠯᠲᠠ ᠶ᠋ᠢᠨ ᠪᠤᠰᠤ ᠭᠠᠵᠠᠷ ᠲᠤ ᠠᠦ᠋ᠲ᠋ᠣ᠋ ᠵᠠᠰᠠᠪᠤᠷᠢ᠂ ᠳᠤᠭᠤᠢ ᠵᠠᠰᠠᠪᠤᠷᠢ᠂ ᠠᠦ᠋ᠲ᠋ᠣ᠋ ᠤᢉᠢᠶᠠᠯᠭᠠ ᠶ᠋ᠢᠨ ᠦᠢᠯᠡ ᠠᠵᠢᠯᠯᠠᠭᠠ ᠶᠠᠪᠤᠭᠤᠯᠵᠤ᠂ ᠬᠣᠶᠠᠷᠳᠠᠭᠴᠢ ᠲᠡᢉᠦᠬᠡᠡᠢ ᠡᠳ᠋ ᠬᠤᠳᠠᠯᠳᠤᠭᠠᠯᠠᠵᠤ ᠪᠤᠢ ᠨᠡᠶᠢᠲᠡ ᠑᠘᠘ ᠪᠠᠶᠢᠷᠢᠰᠢᠯ ᠳ᠋ᠤ ᠨᠡᠶᠢᠰᠯᠡᠯ ᠦᠨ ᠬᠢᠨᠠᠯᠲᠠ ᠰᠢᠯᠭᠠᠯᠲᠠ ᠶ᠋ᠢᠨ ᠭᠠᠵᠠᠷ ᠡᠴᠠ ᠲᠥᠯᠦᠪᠯᠡᢉᠡᠲᠦ ᠪᠤᠰᠤ ᠬᠢᠨᠠᠯᠲᠠ ᠰᠢᠯᠭᠠᠯᠲᠠ ᠶ᠋ᠢ ᠬᠢᠵᠦ ᠪᠠᠶᠢᠨᠠ᠃
ᠨᠡᠶᠢᠰᠯᠡᠯ ᠦᠨ ᠵᠠᠰᠠᠭ ᠳᠠᠷᠤᠭᠠ ᠶ᠋ᠢᠨ ᠰᠢᠭᠤᠷᠬᠠᠢ ᠵᠥᠪᠯᠡᢉᠡᠨ ᠡᠴᠡ ᠥᢉᢉᠦᢉᠳᠡᢉᠰᠡᠨ ᠡᢉᠦᠷᠭᠡ ᠳᠠᠭᠠᠭᠠᠯᠭᠠᠪᠤᠷᠢ ᠶ᠋ᠢᠨ ᠳᠠᠭᠠᠭᠤ ᠤᠯᠠᠭᠠᠨᠪᠠᠭᠠᠲᠤᠷ ᠬᠣᠲᠠ ᠳ᠋ᠤ ᠠᠦᠲ᠋ᠤᠲᠡᢉᠡᠪᠦᠷᠢ ᠶ᠋ᠢᠨ ᠬᠡᠷᠡᢉᠰᠡᠯ ᠦᠨ ᠲᠧᠭᠨᠢᠭ ᠦᠨ ᠵᠠᠰᠠᠪᠤᠷᠢ᠂ ᠦᠢᠯᠡᠴᠢᠯᠡᠭᠡ᠂ ᠬᠣᠶᠠᠷᠳᠠᠭᠴᠢ ᠲᠡᢉᠦᠬᠡᠢ ᠡᠳ᠋ ᠠᠪᠬᠤ᠂ ᠲᠣᠰᠤ ᠲᠣᠰᠤᠯᠠᠭᠠᠨ ᠪ ᠮᠠᠲ᠋ᠧᠷᠢᠠᠯ ᠦᠨ ᠬᠤᠳᠠᠯᠳᠤᠭᠠ ᠡᠷᠬᠢᠯᠡᠵᠦ ᠪᠤᠢ ᠠᠵᠤ ᠠᠬᠤᠢ ᠶ᠋ᠢᠨ ᠨᠢᢉᠡᠴᠡ᠂ ᠢᠷᢉᠡᠳ ᠦᠨ ᠦᠶᠢᠯᠡ ᠠᠵᠢᠯᠯᠠᠭᠠᠨ ᠳ᠋ᠤ 《ᠠᠦᠲ᠋ᠤᠲᠡᢉᠡᠪᠦᠷᠢ ᠶ᠋ᠢᠨ ᠲᠤᠬᠠᠢ》᠂ᠹ᠂ 《ᠪᠠᠷᠢᠯᠭᠠ ᠶ᠋ᠢᠨ ᠲᠤᠬᠠᠢ ᠬᠠᠤᠯᠢ》᠂ᠥ ᠂ ᠹ᠂᠂ 《ᠬᠣᠭ ᠬᠠᠶᠠᠭᠳᠠᠯ ᠦᠨ ᠲᠤᠬᠠᠢ ᠬᠠᠤᠯᠢ》᠂ᠹ᠂ 《ᠭᠠᠵᠠᠷ ᠦᠨ ᠲᠤᠬᠠᠢ ᠬᠠᠤᠯᠢ》᠂ᠹ᠂ 《ᠲᠥᠷᠦ ᠶ᠋ᠢᠨ ᠬᠢᠨᠠᠯᠲᠠ ᠰᠢᠯᠭᠠᠯᠲᠠ ᠶ᠋ᠢᠨ ᠲᠤᠬᠠᠢ》᠂ᠤ᠂ ᠹ᠂᠂ 《ᠵᠥᠷᠢᠴᠡᠯ ᠦᠨ ᠲᠤᠬᠠᠢ》 ᠬᠠᠤᠯᠢ ᠨᠤᠭᠤᠳ ᠦᠨ ᠬᠡᠷᠡᢉᠵᠢᠯᠲᠡ᠂ ᠬᠣᠯᠪᠤᠭᠳᠠᠬᠤ ᠵᠢᠷᠤᠮ᠂ ᠰᠲ᠋ᠠᠨ᠋ᠳᠠᠷᠲ ᠦᠨ ᠮᠥᠷᠳᠡᠯᠲᠡ ᠳ᠋ᠦ ᠬᠢᠨᠠᠯᠲᠠ ᠰᠢᠯᠭᠠᠯᠲᠠ ᠬᠢᠵᠦ᠂ ᠬᠡᠷᠡᢉᠵᠢᠯᠲᠡ ᠶ᠋ᠢ ᠬᠠᠩᠭᠠᠭᠤᠯᠬᠤ᠂ ᠦᠨᠡᠯᠡᠭᠡ᠂ ᠥᢉᠬᠦ᠂ ᠢᠯᠡᠷᠡᢉᠰᠡᠨ ᠵᠥᠷᠢᠴᠡᠯ ᠳᠤᠲᠠᠭᠳᠠᠯ ᠢ ᠠᠷᠢᠯᠭᠠᠭᠤᠯᠬᠤ᠂ ᠮᠡᠷᢉᠡᠵᠢᠯ ᠠᠷᠭᠠ ᠵᠦᠢ ᠶ᠋ᠢᠨ ᠵᠥᠪᠯᠡᠭᠡ ᠥᢉᠴᠦ ᠠᠶᠤᠯ ᠦᢉᠡᠢ ᠪᠠᠶᠢᠳᠠᠯ ᠢ ᠬᠠᠩᠭᠠᠭᠤᠯᠬᠤ ᠵᠣᠷᠢᠯᠭᠠ ᠪᠠᠷ ᠲᠥᠯᠦᠪᠯᠡᢉᠡᠲᠦ ᠪᠤᠰᠤ ᠬᠢᠨᠠᠯᠲᠠ ᠰᠢᠯᠭᠠᠯᠲᠠ ᠶ᠋ᠢ ᠨᠡᠶᠢᠰᠯᠡᠯ ᠦᠨ ᠲᠥᠪ ᠦ᠋ᠨ ᠵᠢᠷᠭᠤᠭᠠᠨ ᠳᠡᢉᠦᠷᠭᠡ ᠳ᠋ᠦ ᠬᠢᠵᠦ ᠪᠠᠶᠢᠭᠠ ᠶᠤᠮ᠃
ᠲᠤᠰᠠ ᠬᠢᠨᠠᠯᠲᠠ ᠰᠢᠯᠭᠠᠯᠲᠠ ᠪᠠᠷ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠠᠴᠢᠶᠠ ᠲᠡᢉᠡᢉᠡᠪᠦᠷᠢ᠂ ᠠᠦ᠋ᠲ᠋ᠣ᠋ ᠦᠢᠯᠡᠴᠢᠯᠡᢉᠡᠨ ᠪ ᠬᠡᠯᠲᠡᠰ᠂ ᠨᠡᠶᠢᠰᠯᠡᠯ ᠦᠨ ᠬᠢᠨᠠᠯᠲᠠ᠂ ᠰᠢᠯᠭᠠᠯᠲᠠ ᠶ᠋ᠢᠨ ᠭᠠᠵᠠᠷ᠂ ᠨᠡᠶᠢᠰᠯᠡᠯ ᠦᠨ ᠭᠠᠵᠠᠷ᠂ ᠵᠣᠬᠢᠶᠠᠨ ᠪᠠᠶᠢᠭᠤᠯᠤᠯᠲᠠ ᠶ᠋ᠢᠨ ᠠᠯᠪᠠ᠂ ᠨᠡᠶᠢᠰᠯᠡᠯ ᠦᠨ ᠪᠠᠶᠢᠭᠠᠯᠢ᠂ ᠣᠷᠴᠢᠨ ᠪ ᠭᠠᠵᠠᠷ᠂ ᠳᠡᢉᠦᠷᠭᠡ ᠨᠦ᠋ᢉᠦᠳ ᠦᠨ ᠬᠣᠯᠪᠤᠭᠳᠠᠬᠤ ᠮᠡᠷᢉᠡᠵᠢᠯᠲᠡᠨ ᠨᠦ᠋ᢉᠦᠳ ᠥᠨᠦᠳᠦᠷ ᠬᠠᠨ-ᠠᠭᠤᠯᠠ ᠳᠡᢉᠦᠷᠭᠡ ᠳ᠋ᠦ ᠦᠢᠯᠡ ᠠᠵᠢᠯᠯᠠᠭᠠ ᠶᠠᠪᠤᠭᠤᠯᠵᠤ ᠪᠠᠶᠢᠭᠠ ᠲᠣᠰᠤ ᠲᠣᠰᠤᠯᠠᠭᠠᠨ ᠪ ᠮᠠᠲ᠋ᠧᠷᠢᠠᠯ ᠬᠤᠳᠠᠯᠳᠤᠭᠠᠯᠠᠬᠤ᠂ ᠠᠦ᠋ᠲ᠋ᠣ᠋ ᠵᠠᠰᠠᠪᠤᠷᠢ᠂ ᠠᠦ᠋ᠲ᠋ᠣ᠋ ᠤᠬᠢᠶᠠᠯᠭᠠ᠂ ᠳᠤᠭᠤᠢ ᠵᠠᠰᠠᠪᠤᠷᠢ ᠶ᠋ᠢᠨ ᠭᠠᠵᠠᠷ ᠤᠳ ᠲᠤ ᠲᠥᠯᠦᠪᠯᠡᢉᠡᠲᠦ ᠪᠤᠰᠤ ᠬᠢᠨᠠᠯᠲᠠ ᠰᠢᠯᠭᠠᠯᠲᠠ ᠬᠢᠯᠡ᠃