ᠳᠡᠯᠡᠬᠡᠢ ᠶ᠋ᠢᠨ ᠪᠠᠩᠻᠢ ᠶ᠋ᠢᠨ ᠰᠠᠩᠬᠦᠵᠢᠯᠲᠡ ᠲᠡᠢ ᠨᠡᠶᠢᠰᠯᠡᠯ ᠦᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ ᠡᠴᠠ ᠬᠡᠷᠡᢉᠵᠢᢉᠦᠯᠵᠦ ᠪᠤᠢ ᠤᠯᠠᠭᠠᠨᠪᠠᠭᠠᠲᠤᠷ ᠬᠣᠲᠠ ᠶ᠋ᠢᠨ ᠲᠣᠭᠲᠠᠪᠤᠷᠢ ᠲᠠᠢ ᠠᠦ᠋ᠲ᠋ᠣ᠋ ᠵᠠᠮ᠂ ᠲᠡᢉᠡᢉᠡᠪᠦᠷᠢ ᠲᠥᠰᠦᠯ ᠦᠨ ᠬᠦᠷᠢᠶ ᠡᠨ ᠳ᠋ᠦ 《ᠤᠯᠠᠭᠠᠨᠪᠠᠭᠠᠲᠤᠷ ᠬᠣᠲᠠ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠰᠲ᠋ᠷᠠᠲ᠋ᠧᢉᠢ ᠪᠣᠯᠪᠠᠰᠤᠷᠠᠭᠤᠯᠬᠤ ᠵᠥᠪᠯᠡᠬᠦ ᠦᠶᠢᠯᠡᠴᠢᠯᠡᠭᠡ》-ᠨᠢ ᠠᠵᠢᠯ ᠬᠡᠷᠡᢉᠵᠢᠵᠦ ᠪᠠᠶᠢᠨᠠ᠃ ᠤᠯᠠᠭᠠᠨᠪᠠᠭᠠᠲᠤᠷ ᠬᠣᠲᠠ ᠶ᠋ᠢᠨ ᠲᠣᠭᠲᠠᠪᠤᠷᠢᠲᠠᠢ ᠬᠦᢉᠵᠢᠯ ᠢ ᠳᠡᠮᠵᠢᠬᠦ ᠬᠦᠷᠢᠶᠡᠨ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠰᠲ᠋ᠷᠠᠲ᠋ᠧᢉᠢ ᠪᠣᠯᠤᠨ ᠰᠲ᠋ᠷᠠᠲ᠋ᠧᢉᠢ ᠶ᠋ᠢᠨ ᠲᠥᠯᠦᠪᠯᠡᠯᠲᠡ ᠶ᠋ᠢᠨ ᠠᠴᠢ ᠬᠣᠯᠪᠤᠭᠳᠠᠯ ᠢ ᠲᠠᠨᠢᠯᠴᠠᠭᠤᠯᠬᠤ᠂ ᠳᠡᠯᠡᠬᠡᠢ ᠶ᠋ᠢᠨ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠠᠬᠢ ᠰᠢᠯᠢᠳᠡᠭ ᠲᠤᠷᠰᠢᠯᠭᠠ᠂ᠰᠢᠨᠡ ᠴᠢᠭ ᠬᠠᠨᠳᠤᠯᠭᠠ ᠶ᠋ᠢ ᠬᠤᠪᠢᠶᠠᠯᠴᠠᠬᠤ ᠵᠣᠷᠢᠯᠭᠠ ᠲᠠᠢ ᠰᠧᠮᠢᠨᠠᠷ ᠲᠤ ᠲᠡᢉᠡᢉᠡᠪᠦᠷᠢ ᠶ᠋ᠢᠨ ᠢᠨᠵᠧᠨᠧᠷ᠂ ᠬᠣᠲᠠ ᠲᠡᢉᠡᢉᠡᠪᠦᠷᠢ ᠶ᠋ᠢᠨ ᠲᠥᠯᠦᠪᠯᠡᠯᠲᠡ ᠶ᠋ᠢᠨ ᠮᠡᠷᢉᠡᠵᠢᠯᠲᠡᠨ᠂ ᠡᠷᠳᠡᠮᠲᠡᠨ᠂ ᠳ᠋ᠣᠻᠲ᠋ᠣᠷ ᠤᠳ ᠨᠡᠶᠢᠲᠡ ᠶ᠋ᠢᠨ ᠲᠡᢉᠡᢉᠡᠪᠦᠷᠢ ᠳ᠋ᠦ ᠰᠠᠭᠤᠷᠢᠯᠠᠭᠰᠠᠨ ᠬᠦᢉᠵᠢᠯ ᠦᠨ ᠲᠤᠷᠰᠢᠯᠭᠠ᠂ᠤᠯᠠᠭᠠᠨᠪᠠᠭᠠᠲᠤᠷ ᠬᠣᠲᠠ ᠳ᠋ᠤ ᠬᠡᠷᠡᢉᠵᠢᢉᠦᠯᠬᠦ ᠪᠣᠯᠤᠮᠵᠢ᠂ ᠦᠷᠡ ᠠᠰᠢᠭᠲᠠᠢ ᠨᠡᠶᠢᠲᠡ ᠶ᠋ᠢᠨ ᠲᠡᢉᠡᢉᠡᠪᠦᠷᠢ ᠶ᠋ᠢᠨ ᠲᠣᠭᠲᠠᠯᠴᠠᠭᠠ ᠶ᠋ᠢ ᠪᠦᠷᠢᠳᠦᢉᠦᠯᠬᠦ ᠳ᠋ᠦ ᠱᠠᠭᠠᠷᠳᠠᠯᠭᠠᠲᠠᠢ ᠪᠠᠶᠢᠭᠤᠯᠤᠯᠭᠠ ᠶ᠋ᠢᠨ ᠪᠦᠲᠦᠴᠡ᠂ ᠵᠣᠬᠢᠶᠠᠨ ᠪᠠᠶᠢᠭᠤᠯᠤᠯᠲᠠ ᠶ᠋ᠢᠨ ᠴᠢᠳᠠᠪᠬᠢ᠂ ᠲᠡᢉᠡᢉᠡᠪᠦᠷᠢ ᠶ᠋ᠢᠨ ᠤᠬᠠᠭᠠᠯᠢᠭ ᠰᠢᠰᠲ᠋ᠧᠮ ᠢ ᠠᠰᠢᠭᠯᠠᠯᠲᠠ ᢉᠡᠬᠦ ᠮᠡᠲᠦ ᠣᠯᠠᠨ ᠴᠢᠬᠤᠯᠠ ᠰᠡᠳᠦᠪ ᠢ᠋ᠢᠡᠷ ᠲᠠᠨᠢᠯᠴᠠᠭᠤᠯᠭᠠ ᠬᠢᠵᠦ ᠮᠡᠳᠡᠭᠡ ᠮᠡᠳᠡᢉᠡᠯᠡᠯ ᠰᠣᠯᠢᠯᠴᠠᠵᠤ ᠪᠠᠶᠢᠨᠠ᠃
ᠲᠤᠰ ᠰᠧᠮᠢᠨᠠᠷ ᠲᠤ ᠬᠣᠲᠠ ᠪᠠᠶᠢᠭᠤᠯᠤᠯᠲᠠ᠂ ᠪᠠᠷᠢᠯᠭᠠ᠂ ᠣᠷᠤᠨ ᠰᠠᠭᠤᠴᠠᠵᠢᠭᠤᠯᠤᠯᠲᠠ ᠶ᠋ᠢᠨ ᠶᠠᠮᠤ᠂ ᠨᠡᠶᠢᠰᠯᠡᠯ ᠦᠨ ᠵᠠᠰᠠᠭ ᠳᠠᠷᠤᠭᠠ ᠶ᠋ᠢᠨ ᠲᠠᠮᠠᠭᠠ ᠶ᠋ᠢᠨ ᠭᠠᠵᠠᠷ᠂ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ᠂ ᠬᠣᠲᠠ ᠪᠠᠶᠢᠭᠤᠯᠤᠯᠲᠠ᠂ ᠬᠣᠲᠠ ᠶ᠋ᠢᠨ ᠰᠲ᠋ᠠᠨ᠋ᠳᠠᠷᠲ ᠦᠨ ᠭᠠᠵᠠᠷ᠂ ᠨᠡᠶᠢᠰᠯᠡᠯ ᠦᠨ ᠵᠠᠮ ᠦᠨ ᠬᠦᢉᠵᠢᠯ ᠦᠨ ᠭᠠᠵᠠᠷ᠂ ᠵᠠᠮ ᠦᠨ ᠬᠦᠳᠡᠯᢉᠡᢉᠡᠨ ᠪ ᠤᠳᠤᠷᠢᠳᠤᠯᠭᠠ ᠶ᠋ᠢᠨ ᠲᠥᠪ᠂ ᠨᠢᢉᠡᠳᠦᢉᠰᠡᠨ ᠲᠥᠰᠦᠯ ᠦᠨ ᠤᠳᠤᠷᠢᠳᠤᠯᠭᠠ ᠶ᠋ᠢᠨ ᠭᠠᠵᠠᠷ ᠪᠣᠯᠤᠨ ᠤᠯᠠᠭᠠᠨᠪᠠᠭᠠᠲᠤᠷ ᠬᠣᠲᠠ ᠶ᠋ᠢᠨ ᠬᠦᢉᠵᠢᠯ ᠦᠨ ᠻᠣᠷᠫᠤᠷᠠᠼᠢ ᠵᠡᠷᠭᠡ ᠪᠠᠶᠢᠭᠤᠯᠤᠯᠭᠠ ᠶ᠋ᠢᠨ ᠔᠐ ᠣᠷᠴᠢᠮ ᠠᠯᠪᠠᠨ ᠬᠠᠭᠠᠭᠴᠢ ᠬᠠᠮᠤᠷᠤᠭᠳᠠᠵᠤ ᠪᠠᠶᠢᠨᠠ᠃