ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠲᠤ ᠢᠷᢉᠡᠳ ᠡᠴᠡ ᠢᠷᠡᢉᠰᠡᠨ ᠲᠠᠯᠠᠷᠬᠠᠯ ᠢ ᠬᠦᠯᠢᠶᠡᠨ ᠠᠪᠴᠤ᠂ ᠰᠠᠨᠠᠯ᠂ ᠭᠣᠮᠤᠳᠠᠯ᠂ ᠬᠦᠰᠡᠯᠲᠡ ᠪᠦᠷᠢ ᠶ᠋ᠢ ᠲᠤᠬᠠᠢ ᠪᠦᠷᠢ ᠳ᠋ᠦ ᠨᠢ ᠰᠢᠢᠳᠪᠦᠷᠢᠯᠡᠨ ᠠᠵᠢᠯᠯᠠᠵᠤ ᠪᠠᠶᠢᠨᠠ᠃ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠲᠤ ᠒᠐᠒᠕ ᠦᠨ ᠪ ᠐᠕ ᠳ᠋ᠤᠭᠠᠷ ᠰᠠᠷᠠ ᠶ᠋ᠢᠨ ᠙-᠑᠓- ᠪ ᠡᠳᠦᠷ ᠢᠷᢉᠡᠳ ᠡᠴᠡ ᠢᠷᠡᢉᠰᠡᠨ ᠰᠠᠨᠠᠯ᠂ ᠬᠦᠰᠡᠯᠲᠡ᠂ ᠭᠣᠮᠤᠳᠠᠯ ᠢ ᠬᠡᠷᠬᠡᠨ ᠰᠢᠢᠳᠪᠦᠷᠢᠯᠡᢉᠰᠡᠨ ᠢ ᠬᠦᠷᠬᠡᠵᠦ ᠪᠠᠶᠢᠨᠠ᠃
📍 ᠢᠷᢉᠡᠨ ᠪ ᠭᠣᠮᠤᠳᠠᠯ: ᠢᠷᢉᠡᠨ ᠪ᠃ ᠣ᠋: ᠴᠤ:᠖᠗ 《ᠮᠣᠷᠢᠨ ᠪ ᠳᠠᠪᠠᠭᠠ-ᠨᠢᠰᠬᠦ》 ᠴᠢᢉᠯᠡᠯ ᠦᠨ ᠓᠓-᠐᠓᠗ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠶ᠋ᠢᠨ ᠵᠠᠩ ᠬᠠᠷᠢᠴᠠᠭᠠᠨ ᠳ᠋ᠤ ᠠᠩᠬᠠᠷᠴᠤ ᠠᠷᠭᠠ ᠬᠡᠮᠵᠢᠶᠡ ᠠᠪᠴᠤ ᠬᠠᠷᠢᠭᠤ ᠥᢉᢉᠦᠨᠡ ᠦᠦ᠃ (ᠡᠨᠡ ᠵᠢᠯᠤᠭᠤᠴᠢ ᠪᠡᠯᠡᠨ ᠮᠥᠩᢉᠦ ᠠᠪᠤᠭᠰᠠᠨ)
📍 ᠰᠢᠶᠢᠳᠪᠦᠷᠢᠯᠡᠯᠲᠡ: ᠓᠓-᠐᠓᠗ ᠭᠠᠷᠠᠰᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠰᠠ᠂ᠪᠢ-ᠲᠤ ᠪᠠᠶᠢᠭᠤᠯᠤᠯᠭᠠ ᠨᠢ ᠴᠠᠯᠢᠩ ᠢ ᠒᠐ ᠬᠤᠪᠢ ᠪᠠᠷ ᠪᠠᠭᠤᠷᠠᠭᠤᠯᠬᠤ ᠠᠷᠭᠠ ᠬᠡᠮᠵᠢᠶᠡ ᠠᠪᠴᠤ᠂ ᠵᠥᠷᠢᠴᠡᠯ ᠳᠠᠪᠲᠠᠭᠳᠠᠪᠠᠯ ᠠᠵᠢᠯ ᠡᠴᠠ ᠴᠢᠯᠦᢉᠡᠯᠡᠬᠦ ᠰᠠᠨᠠᠭᠤᠯᠭᠠ ᠥᢉᢉᠦᢉᠰᠡᠨ᠃
📍 ᠢᠷᢉᠡᠨ ᠪ ᠭᠣᠮᠤᠳᠠᠯ: ᠰᠣᠩᢉᠢᠨᠠᠬᠠᠶᠢᠷᠬᠠᠨ ᠳᠡᢉᠦᠷᠭᠡ ᠶ᠋ᠢᠨ ᠢᠷᢉᠡᠨ ᠵᠠ᠃ ᠬᠦ᠋: ᠴᠤ:᠒᠔ᠪ 《ᠨᠢᠰᠬᠦ-ᠮᠦᠦ᠋ᠰ》 ᠴᠢᢉᠯᠡᠯ ᠦᠨ ᠑᠓-᠑᠑᠐ ᠭᠠᠷᠠᠰᠢ ᠳ᠋ᠤᠭᠠᠷ ᠲᠠᠢ ᠠᠦᠲ᠋ᠤᠪᠦᠰ ᠦᠨ ᠵᠢᠯᠤᠭᠤᠴᠢ ᠥᠷᠯᠦᠭᠡ ᠴᠢᠬᠢᠪᠴᠢ ᠦᢉ᠌ᠡᠢ ᠤᠲᠠᠰᠤ ᠪᠠᠷ ᠴᠢᠩᠭᠠ ᠶᠠᠷᠢᠭᠰᠠᠨ᠃ ᠮᠥᠨ ᠳᠡᠨᠵᠢ ᠶ᠋ᠢᠨ ᠪᠠᠭᠤᠳᠠᠯ ᠡᠴᠠ ᠣᠷᠤᠵᠤ ᠢᠷᠡᢉᠰᠡᠨ ᠡᠮᠡᢉᠲᠡᠢ ᠑᠐᠐᠐ ᠲᠥᢉᠦᠷᠢᠭ᠌ ᠬᠠᠶᠢᠷᠴᠠᠭ ᠲᠤ ᠬᠢᠬᠦ ᢉᠡᠲᠡᠯᠡ ᠨᠠᠭᠠᠰᠢ ᠨᠢ ᠥᢉᠴᠢᠭᠡ ᢉᠡᠳ ᠠᠪᠤᠭᠰᠠᠨ᠃
📍 ᠰᠢᠶᠢᠳᠪᠦᠷᠢᠯᠡᠯᠲᠡ: ᠑᠓-᠑᠑᠐ ᠭᠠᠷᠠᠰᠢ ᠳ᠋ᠤᠭᠠᠷ ᠲᠠᠢ ᠠᠦᠲ᠋ᠤᠪᠦᠰ ᠦᠨ ᠳᠡᠨᠵᠢ ᠤᠷᠳᠤ ᠪᠠᠭᠤᠳᠠᠯ ᠳᠡᢉᠡᠷᠡ ᠖:᠓᠗ ᠴᠠᠭ ᠲᠤ ᠢᠷᠡᢉᠰᠡᠨ ᠻᠠᠮᠧᠷ ᠦᠨ ᠪᠢᠴᠢᠯᠭᠡ ᠶ᠋ᠢ ᠰᠢᠯᠭᠠᠬᠤ ᠳ᠋ᠤ ᠪᠡᠯᠡᠨ ᠮᠥᠩᢉᠦ ᠠᠪᠤᠭᠠ ᠦᢉᠡᠢ᠃ ᠭᠠᠷ ᠦᠨ ᠣᠷᠤᠯᠴᠠᠭᠠ ᠲᠠᠢ ᠤᠲᠠᠰᠤ ᠪᠠᠷ ᠶᠠᠷᠢᠭᠠ ᠦᢉᠡᠢ ᠪᠠᠶᠢᠨᠠ᠃ ᠭᠣᠮᠤᠳᠠᠯ ᠭᠠᠷᠭᠠᠭᠴᠢ ᠶ᠋ᠢᠨ ᠮᠡᠳᠡᢉᠡᠯᠡᠯ ᠪᠤᠷᠤᠭᠤ᠃
📍 ᠢᠷᢉᠡᠨ ᠪ ᠭᠣᠮᠤᠳᠠᠯ: ᠪᠠᠶᠠᠨᠵᠢᠷᠦᠭᠡ ᠳᠡᢉᠦᠷᠭᠡ ᠶ᠋ᠢᠨ ᠢᠷᢉᠡᠨ ᠯᠠ: ᠣᠹᠢᠼᠧᠷ ᠤᠤᠨ ᠦᠨ ᠣᠷᠳᠤᠨ ᠡᠴᠠ ᠑᠙-᠐᠗᠘ ᠭᠠᠷᠠᠱᠢ ᠳ᠋ᠤᠭᠠᠷ ᠲᠠᠢ ᠠᠦ᠋ᠲ᠋ᠣᠪᠦ᠋ᠰ ᠲᠤ ᠰᠠᠭᠤᠬᠤ ᢉᠡᠰᠡᠨ ᠪᠠᠭᠤᠳᠠᠯ ᠳᠡᢉᠡᠷᠡ ᠪᠡᠨ ᠵᠣᠭᠰᠤᠭᠠ ᠦᢉᠡᠢ᠃ ᢉᠡᠷᠡᠯ ᠳᠣᠬᠢᠶᠠᠨ ᠪ ᠣᠶᠢᠷᠠᠯᠴᠠᠭᠠ ᠬᠦᠮᠦᠨ ᠢᠶᠡᠨ ᠶᠠᠭᠠᠷᠠᠤ ᠰᠠᠨᠳᠤᠷᠤᠤ ᠪᠠᠭᠤᠯᠭᠠᠬᠤ ᠳ᠋ᠤ ᠨᠢ ᠰᠠᠭᠤᠭᠰᠠᠨ᠃ ᠵᠠᠮ ᠳ᠋ᠤ ᠪᠠᠨ AQUA ᠮᠠᠱᠢᠨ ᠪ ᠵᠢᠯᠤᠭᠤᠴᠢ ᠶ᠋ᠢ ᠰᠢᠬᠠᠵᠤ᠂ ᠱᠦᠷᢉᠦᠬᠦ ᠳᠥᠬᠦᢉᠡᠳ᠂ ᠵᠢᠯᠤᠭᠤᠴᠢ ᠲᠠᠢ ᠨᠢ ᠬᠡᠷᠡᢉᠦᠯ ᠬᠢᢉᠰᠡᠨ᠃ ᠱᠠᠭᠠᠷᠳᠠᠯᠭᠠ ᠲᠠᠯᠪᠢᠬᠤ ᠳ᠋ᠤ᠂ ᠬᠡᠯᠡ ᠠᠮᠠ ᠪᠠᠷ ᠳᠣᠷᠤᠮᠵᠢᠯᠠᠵᠤ ᠪᠤᠤ ᢉᠡᠵᠦ ᠬᠦᢉᠡᢉᠡᢉᠰᠡᠨ᠃ ᠪᠠᠭᠤᠬᠤ ᠳ᠋ᠠᠭᠠᠨ ᠪᠢᠴᠢᠯᠭᠡ ᠬᠢᢉᠰᠡᠨ ᠴᠢᠨᠢ ᠤᠲᠠᠰᠤ ᠴᠣᠬᠢᠭᠠᠳ ᠤᠨᠠᠭᠠᠭᠰᠠᠨ᠃ ᠪᠢᠴᠢᠯᠭᠡ ᠨᠢ ᠪᠠᠶᠢᠭᠠ᠃ ᠭᠣᠮᠤᠳᠠᠯᠲᠠᠢ ᠠᠷᠭᠠ ᠬᠡᠮᠵᠢᠶᠡ ᠲᠣᠭᠠᠴᠠᠵᠤ᠂ ᠬᠠᠷᠢᠭᠤ ᠥᢉᢉᠦᠨᠡ ᠦᠦ?
📍 ᠰᠢᠶᠢᠳᠪᠦᠷᠢᠯᠡᠯᠲᠡ: ᠑᠙-᠐᠗᠘ ᠭᠠᠷᠠᠱᠢ ᠳ᠋ᠤᠭᠠᠷ ᠲᠠᠢ ᠠᠦ᠋ᠲ᠋ᠣᠪᠦ᠋ᠰ ᠦᠨ ᠵᠢᠯᠤᠭᠤᠴᠢ ᠭ᠃ ᠭᠣᠮᠤᠳᠠᠯ ᠭᠠᠷᠭᠠᠭᠴᠢ ᠲᠠᠢ ᠬᠣᠯᠪᠤᠭᠳᠠᠨ ᠠᠰᠠᠭᠤᠳᠠᠯ ᠢ ᠰᠢᠢᠳᠪᠦᠷᠢᠯᠡᢉᠰᠡᠨ᠃