ᠮᠧᢉᠠ ᠲᠥᠰᠦᠯ  ᠤᠤᠨ ᠲᠦ ᠳᠣᠲᠤᠭᠠᠳᠤ ᠶ᠋ᠢᠨ ᠦᠢᠯᠡᠳᠪᠦᠷᠢᠯᠡᢉᠴᠢ ᠻᠣᠮᠫᠠᠨᠢ ᠨᠤᠭᠤᠳ ᠲᠠᠢ ᠬᠠᠮᠲᠤᠷᠠᠵᠤ ᠠᠵᠢᠯᠯᠠᠬᠤ ᠲᠠᠯ᠎ᠠ ᠪᠠᠷ ᠰᠠᠨᠠᠯ ᠰᠣᠯᠢᠯᠴᠠᠯ  ᠢᠶᠠᠨ

ᠨᠡᠶᠢᠰᠯᠡᠯ ᠬᠣᠲᠠ ᠒᠐᠒᠕-᠒᠐᠒᠘ ᠣᠨ ᠳ᠋ᠤ ᠒᠔ ᠮᠧᢉᠠ ᠲᠥᠰᠦᠯ ᠬᠡᠷᠡᢉᠵᠢᢉᠦᠯᠦᠨ᠎ᠡ᠃  ᠡᠳᠡᢉᠡᠷ ᠲᠥᠰᠦᠯ ᠳ᠋ᠦ ᠳᠣᠲᠤᠭᠠᠳᠤ ᠶ᠋ᠢᠨ ᠦᠶᠢᠯᠡᠳᠪᠦᠷᠢᠯᠡᢉᠴᠢ ᠻᠣᠮᠫᠠᠨᠢ ᠨᠤᠭᠤᠳ ᠲᠠᠢ ᠬᠠᠮᠲᠤᠷᠠᠵᠤ ᠠᠵᠢᠯᠯᠠᠬᠤ ᠲᠠᠯᠠᠭᠠᠷ ᠨᠵᠤᠳ-ᠶᠤᠨ ᠨᠢᢉᠡᠳᠦ᠋ᢉᠡᠷ ᠣᠷᠤᠯᠠᠭᠴᠢ ᠲ‍᠂ ᠳᠠᠸᠠᠳᠠᠯᠠᠢ᠂ ᠰᠡᠯᠪᠢ ᠒᠐ ᠮᠢᠨᠦᠲ  ᠦᠨ ᠬᠣᠲᠠ ᠻᠣᠷᠫᠤᠷᠠᠼᠢ ᠬᠦᠭᠡ-ᠡᠶᠢᠨ ᠤᠳᠤᠷᠢᠳᠤᠯᠭ᠎ᠠ᠂ ᠮᠣᠩᠭᠣᠯ  ᠦᠨ ᠪᠠᠷᠢᠯᠭ᠎ᠠ ᠶ᠋ᠢᠨ ᠦᠨᠳᠦᠰᠦᠨ ᠪ ᠠᠰᠰᠣᠼᠢᠶᠠᠼᠢ ᠪᠣᠯᠤᠨ ᠮᠣᠩᠭᠣᠯ  ᠦᠨ ᠪᠠᠷᠢᠯᠭᠠᠴᠢᠳ  ᠦᠨ ᠨᠢᢉᠡᠳᠦᢉᠰᠡᠨ ᠬᠣᠯᠪᠤᠭᠠᠨ ᠪ ᠲᠥᠯᠦᢉᠡᠯᠡᠯ ᠲᠡᠢ ᠠᠭᠤᠯᠵᠠᠵᠤ᠂ ᠰᠠᠨᠠᠯ ᠰᠣᠯᠢᠯᠴᠠᠯ᠎ᠠ᠃  ᠡᠨᠡ ᠲᠠᠯᠠᠭᠠᠷ ᠨᠵᠤᠳ-  ᠦᠨ ᠨᠢᢉᠡᠳᠦ᠋ᢉᠡᠷ ᠣᠷᠤᠯᠠᠭᠴᠢ ᠲ‍᠂ ᠳᠠᠸᠠᠳᠠᠯᠠᠢ ᠮᠧᠭᠠ ᠲᠥᠰᠦᠯ  ᠤᠤᠨ ᠲᠦ ᠳᠣᠲᠤᠭᠠᠳᠤ ᠶ᠋ᠢᠨ ᠻᠣᠮᠫᠠᠨᠢ ᠨᠤᠭᠤᠳ ᠣᠷᠤᠯᠴᠠᠬᠤ ᠬᠠᠤᠯᠢ᠂ ᠡᠷᠭᠡ ᠵᠦᠢ ᠶ᠋ᠢᠨ ᠬᠦᠷᠢᠶ᠎ᠡ ᠶ᠋ᠢ ᠰᠠᠶᠢᠵᠢᠷᠠᠭᠤᠯᠤᠨ᠎ᠠ᠃ ᠮᠥᠨ ᠳᠣᠲᠤᠭᠠᠳᠤ ᠶ᠋ᠢᠨ ᠻᠣᠮᠫᠠᠨᠢ ᠨᠤᠭᠤᠳ ᠲᠠᠢ ᠬᠠᠮᠲᠤᠷᠠᠵᠤ ᠵᠠᠯᠠᠭᠤ ᠢᠨ᠋ᠵᠧᠨᠧᠷ  ᠤᠤᠨ  ᠢ ᠳᠡᠮᠵᠢᠬᠦ᠂ ᠬᠦᠮᠦᠨ ᠪ ᠨᠥᢉᠡᠴᠡ ᠶ᠋ᠢ ᠪᠡᠯᠡᠳᠬᠦ᠂ ᠰᠣᠶᠤᠨ ᢉᠡᢉᠡᠷᠡᢉᠦᠯᠬᠦ ᠻᠣᠮᠫᠠᠨᠢᠲᠤ ᠠᠵᠢᠯ ᠵᠣᠬᠢᠶᠠᠨ ᠪᠠᠶᠢᠭᠤᠯᠤᠨ᠎ᠠ” ᢉᠡᠯ᠎ᠡ᠃  ᠠᠭᠤᠯᠵᠠᠯᠲᠠ ᠪᠠᠷ ᠮᠧᢉᠨ ᠲᠥᠰᠦᠯ  ᠤᠤᠨ ᠲᠦ ᠳᠣᠲᠤᠭᠠᠳᠤ ᠶ᠋ᠢᠨ ᠦᠢᠯᠡᠳᠪᠦᠷᠢᠯᠡᢉᠴᠢ ᠻᠣᠮᠫᠠᠨᠢ ᠨᠤᠭᠤᠳ  ᠢ ᠳᠡᠮᠵᠢᠵᠦ᠂ ᠬᠠᠮᠲᠤᠷᠠᠵᠤ ᠠᠵᠢᠯᠯᠠᠬᠤ ᠰᠠᠨᠠᠮᠵᠢ ᠪᠢᠴᠢᠭ ᠪᠠᠶᠢᠭᠤᠯᠬᠤ ᠪᠠᠷ ᠪᠣᠯᠤᠭᠰᠠᠨ ᠶᠤᠮ᠃