ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠡᠴᠠ ᠪᠠᠭᠠᠬᠠᠩᠭᠠᠢ-ᠤᠯᠠᠭᠠᠨᠪᠠᠭᠠᠲᠤᠷ᠂ ᠪᠠᠭᠠᠨᠠᠭᠤᠷ-ᠤᠯᠠᠭᠠᠨᠪᠠᠭᠠᠲᠤᠷ ᠴᠢᢉᠯᠡᠯ ᠳ᠋ᠦ ᠔᠕ ᠬᠦᠮᠦᠨ ᠪ ᠰᠠᠭᠤᠳᠠᠯ ᠲᠠᠢ ᠣᠯᠠᠨ ᠤᠯᠤᠰ ᠦᠨ ᠰᠲ᠋ᠠᠨ᠋ᠳᠠᠷᠲ ᠬᠠᠩᠭᠠᠭᠰᠠᠨ ᠠᠦ᠋ᠲ᠋ᠣᠪᠦ᠋ᠰ ᠶᠠᠪᠤᠵᠤ ᠡᠬᠢᠯᠡᢉᠡᠳ ᠑᠔ ᠬᠣᠨᠤᠵᠤ ᠪᠠᠶᠢᠨᠠ᠃
📌ᠴᠤ:᠑᠘ ᠪᠠᠭᠠᠬᠠᠩᠭᠠᠢ -ᠤᠯᠠᠭᠠᠨᠪᠠᠭᠠᠲᠤᠷ ᠴᠢᢉᠯᠡᠯ ᠦᠢᠯᠡᠴᠢᠯᠡᠭᠡ ᠦᠵᠡᢉᠦᠯᠵᠦ ᠡᠬᠢᠯᠡᢉᠡᠳ ᠑᠔ ᠬᠣᠨᠤᠭ ᠦᠨ ᠳᠣᠲᠤᠷᠠ ᠙᠔᠗ ᠢᠷᢉᠡᠨ ᠳ᠋ᠦ ᠦᠢᠯᠡᠴᠢᠯᠡᠵᠦ ᠖᠂᠐᠓᠕᠂᠑᠗᠐ ᠲᠥᢉᠦᠷᠢᠭ᠌ ᠦᠨ ᠣᠷᠤᠯᠭᠠ ᠲᠠᠢ ᠠᠵᠢᠯᠯᠠᠵᠡᠢ᠃
📌ᠴᠤ:᠑᠗ ᠪᠠᠭᠠᠨᠠᠭᠤᠷ-ᠤᠯᠠᠭᠠᠨᠪᠠᠭᠠᠲᠤᠷ ᠴᠢᢉᠯᠡᠯ ᠦᠢᠯᠡᠴᠢᠯᠡᠭᠡ ᠦᠵᠡᢉᠦᠯᠵᠦ ᠡᠬᠢᠯᠡᢉᠡᠳ ᠑᠒ ᠬᠣᠨᠤᠭ ᠦᠨ ᠳᠣᠲᠤᠷᠠ ᠑᠕᠓᠑ ᠢᠷᢉᠡᠨ ᠳ᠋ᠦ ᠦᠢᠯᠡᠴᠢᠯᠡᠵᠦ ᠑᠓᠂᠖᠖᠓᠂᠔᠓᠒ ᠲᠥᢉᠦᠷᠢᠭ᠌ ᠦᠨ ᠣᠷᠤᠯᠭᠠ ᠲᠠᠢ ᠠᠵᠢᠯᠯᠠᠪᠠ᠃ ᠡᠨᠡ ᠬᠤᠭᠤᠴᠠᠭᠠᠨ ᠳ᠋ᠤ ᠤᠯᠠᠭᠠᠨᠪᠠᠭᠠᠲᠤᠷ ᠡᠴᠠ ᠪᠠᠭᠠᠨᠠᠭᠤᠷ᠂ ᠪᠠᠭᠠᠬᠠᠩᠭᠠᠢ ᠶᠠᠪᠤᠬᠤ ᠣᠷᠤᠢ ᠶ᠋ᠢᠨ ᠴᠠᠭ ᠢ ᠬᠣᠶᠢᠰᠢᠯᠠᠭᠤᠯᠵᠤ ᠥᢉᠬᠦ ᠬᠦᠰᠡᠯᠲᠡ ᠭᠠᠷᠭᠠᠭᠰᠠᠨ ᠢ ᠰᠤᠳᠤᠯᠵᠤ ᠪᠠᠶᠢᠨᠠ᠃ ᠨᠡᠶᠢᠲᠡ ᠶ᠋ᠢᠨ ᠲᠡᢉᠡᢉᠡᠪᠦᠷᠢ ᠶ᠋ᠢᠨ ᠠᠦ᠋ᠲ᠋ᠣᠪᠦ᠋ᠰ ᠶᠠᠪᠤᠵᠤ ᠡᠬᠢᠯᠡᢉᠰᠡᠨ ᠳ᠋ᠦ ᠲᠠᠯᠠᠷᠬᠠᠯ ᠢᠯᠡᠷᠬᠡᠡᠶᠢᠯᠡᠨ᠂ ᠠᠮᠵᠢᠯᠲᠠ ᠬᠦᠰᠡᢉᠰᠡᠨ ᠵᠣᠷᠴᠢᠭᠴᠢ ᠲᠠ ᠪᠦᠬᠦᠨ ᠳ᠋ᠦ ᠪᠡᠨ ᠪᠠᠶᠠᠷᠯᠠᠯᠠ᠃ ᠨᠡᠶᠢᠲᠡ ᠶ᠋ᠢᠨ ᠲᠡᢉᠡᢉᠡᠪᠦᠷᠢ ᠶ᠋ᠢ ᠰᠣᠩᠭᠤᠨ ᠦᠢᠯᠡᠴᠢᠯᠡᢉᠦᠯᠳᠡᢉ ᠲᠠ ᠪᠦᠬᠦᠨ ᠳ᠋ᠦ ᠲᠠᠯᠠᠷᠬᠠᠯ ᠢᠯᠡᠷᠬᠡᠶᠢᠯᠡᠶᠡ᠃ 《Yutong Bus》 ᠻᠣᠮᠫᠠᠨᠢ ᠳ᠋ᠤ ᠦᠶᠢᠯᠡᠳᠪᠦᠷᠢᠯᠡᢉᠰᠡᠨ ZK᠖᠑᠑᠗H ᠵᠠᠭᠪᠤᠷ ᠦᠨ ᠠᠦ᠋ᠲ᠋ᠣᠪᠦ᠋ᠰ ᠨᠢ ᠔᠕ ᠬᠦᠮᠦᠨ ᠪ ᠰᠠᠭᠤᠳᠠᠯ ᠲᠠᠢ᠂ᠧᠦ᠋ᠷᠣ᠋-᠕ ᠬᠦᠳᠡᠯᢉᠡᢉᠦᠷ ᠲᠡᠢ᠂ ᠮᠣᠩᠭᠣᠯ ᠣᠷᠤᠨ ᠪ ᠴᠠᠭ ᠠᠭᠠᠷ ᠦᠨ ᠨᠥᠬᠦᠴᠡᠯ ᠳ᠋ᠦ ᠲᠣᠬᠢᠷᠠᠭᠰᠠᠨ ᠠᠭᠠᠷᠵᠢᠭᠤᠯᠤᠯᠲᠠ ᠶ᠋ᠢᠨ ᠰᠢᠰᠲ᠋ᠧᠮ᠂ ᠬᠢᠨᠠᠯᠲᠠ ᠶ᠋ᠢᠨ ᠻᠠᠮᠧᠷ ᠲᠠᠢ᠂ ᠵᠣᠷᠴᠢᠭᠴᠢ ᠶ᠋ᠢᠨ ᠠᠶᠠ ᠲᠤᠬᠠ᠂ ᠠᠶᠤᠯ ᠦᢉᠡᠢ ᠪᠠᠶᠢᠳᠠᠯ ᠢ ᠪᠦᠷᠢᠨ ᠬᠠᠩᠭᠠᠭᠰᠠᠨ ᠠᠦ᠋ᠲ᠋ᠣᠪᠦ᠋ᠰ ᠶᠤᠮ᠃