ᠢᠶᠠᠨ ᠨᠡᠶᠢᠰᠯᠡᠯ ᠦᠨ ᠤᠳᠤᠷᠢᠳᠬᠤ ᠠᠵᠢᠯᠲᠠᠨ ᠨᠤᠭᠤᠳ ᠦᠨ ᠰᠢᠭᠤᠷᠬᠠᠢ ᠵᠥᠪᠯᠡᢉᠡᠨ ᠪᠣᠯᠵᠤ᠂ ᠡᠮᠦᠨᠡᠬᠢ ᠵᠥᠪᠯᠡᢉᠡᠨ ᠪ ᠦᠶᠡ ᠪᠡᠷ ᠥᢉᢉᠦᢉᠰᠡᠨ ᠡᢉᠦᠷᠭᠡ ᠳᠠᠭᠠᠭᠠᠯᠭᠠᠪᠤᠷᠢ ᠶ᠋ᠢᠨ ᠪᠡᠶᠡᠯᠡᠯᠲᠡ᠂ ᠨᠡᠶᠢᠰᠯᠡᠯ ᠦᠨ ᠬᠡᠮᠵᠢᠶᠡᠨ ᠳ᠋ᠦ ᠰᠣᠶᠤᠯ ᠦᠨ ᠦᠢᠯᠡᠴᠢᠯᠡᢉᠡᠨ ᠪ ᠬᠦᠷᠲᠡᢉᠡᠮᠵᠢ ᠶ᠋ᠢ ᠨᠡᠮᠡᢉᠳᠡᢉᠦᠯᠬᠦ᠂ ᠰᠣᠶᠤᠨ ᢉᠡᢉᠡᠷᠡᢉᠦᠯᠬᠦ ᠴᠢᢉᠯᠡᠯ ᠢᠶᠡᠷ ᠬᠢᠵᠦ ᠪᠤᠢ ᠠᠵᠢᠯ ᠦᠨ ᠶᠠᠪᠤᠴᠠ᠂ ᠬᠤᠳᠠᠯᠳᠤᠨ ᠠᠪᠬᠤ ᠠᠵᠢᠯᠯᠠᠭᠠᠨ ᠪ ᠶᠠᠪᠤᠴᠠ ᠶ᠋ᠢᠨ ᠲᠠᠯᠠᠭᠠᠷ ᠬᠡᠯᠡᠯᠴᠡᠪᠡ᠃ ᠵᠥᠪᠯᠡᠭᠡ ᠶ᠋ᠢᠨ ᠡᠬᠢᠨ ᠳ᠋ᠦ ᠨᠵᠡᠳᠡᠳᠭᠡ- ᠦᠨ ᠬᠡᠨᠠᠯᠲᠠ-ᠰᠢᠨᠵᠢᠯᠡᠭᠡ᠂ ᠦᠨᠡᠯᠡᢉᠡᠨ ᠪ ᠭᠠᠵᠠᠷ ᠦᠨ ᠠᠬᠠᠯᠠᠬᠤ ᠮᠡᠷᢉᠡᠵᠢᠯᠲᠡᠨ ᠣ᠂ᠮᠠᠨᠳᠤᠬᠤ ᠡᠮᠦᠨᠡᠬᠢ ᠰᠢᠭᠤᠷᠬᠠᠢ ᠵᠥᠪᠯᠡᢉᠡᠨ ᠢᠶᠡᠷ ᠥᢉᢉᠦᢉᠰᠡᠨ ᠡᢉᠦᠷᠭᠡ ᠳᠠᠭᠠᠭᠠᠯᠭᠠᠪᠤᠷᠢ ᠶ᠋ᠢᠨ ᠪᠡᠶᠡᠯᠡᠯᠲᠡ ᠶ᠋ᠢ ᠲᠠᠨᠢᠯᠴᠠᠭᠤᠯᠤᠯᠠ᠃ ᠡᠮᠦᠨᠡᠬᠢ ᠰᠢᠭᠤᠷᠬᠠᠢ ᠵᠥᠪᠯᠡᢉᠡᠨ ᠪ ᠦᠶᠡ ᠪᠡᠷ ᠬᠣᠲᠠ ᠶ᠋ᠢᠨ ᠳᠠᠷᠤᠭᠠ ᠒᠓ ᠡᢉᠦᠷᠭᠡ ᠳᠠᠭᠠᠭᠠᠯᠭᠠᠪᠤᠷᠢ ᠥᢉᢉᠦᢉᠰᠡᠨ ᠪᠥᢉᠡᠳ ᠬᠡᠷᠡᢉᠵᠢᠯᠲᠡ ᠘᠕᠂᠑ ᠬᠤᠪᠢᠲᠠᠢ ᠪᠠᠶᠢᠨᠠ᠃ ᠲᠤᠬᠠᠶᠢᠯᠠᠪᠠᠯ᠂ ᠵᠠᠰᠠᠭ ᠦᠨ ᠭᠠᠵᠠᠷ ᠡᠴᠠ ᠒᠐᠒᠖ ᠣᠨ ᠢ 《ᠪᠣᠯᠪᠠᠰᠤᠷᠠᠯ ᠢ ᠳᠡᠮᠵᠢᠬᠦ ᠵᠢᠯ》 ᠪᠣᠯᠭᠠᠨ ᠵᠠᠷᠯᠠᠭᠰᠠᠨ ᠲᠠᠢ ᠬᠣᠯᠪᠤᠭᠳᠠᠭᠤᠯᠤᠨ ᠨᠡᠶᠢᠰᠯᠡᠯ ᠦᠨ ᠵᠠᠰᠠᠭ ᠳᠠᠷᠤᠭᠠ ᠶ᠋ᠢᠨ ᠵᠠᠬᠢᠷᠤᠮᠵᠢ ᠪᠠᠷ ᠠᠵᠢᠯ ᠦᠨ ᠬᠡᠰᠡᠭ ᠪᠠᠶᠢᠭᠤᠯᠤᠭᠰᠠᠨ᠃ ᠤᠭ ᠠᠵᠢᠯ ᠦᠨ ᠬᠡᠡᠰᠡᠭ ᠒᠐᠒᠖-᠒᠐᠒᠘ ᠣᠨ ᠳ᠋ᠤ ᠘᠔ ᠪᠠᠶᠢᠷᠢᠰᠢᠯ ᠳ᠋ᠤ ᠰᠢᠨᠡ ᠪᠡᠷ ᠰᠤᠷᠭᠠᠭᠤᠯᠢ ᠪᠠᠷᠢᠬᠤ ᠱᠠᠭᠠᠷᠳᠠᠯᠭᠠᠲᠠᠢ ᠶ᠋ᠢ ᠰᠤᠳᠤᠯᠵᠤ᠂ ᠲᠠᠨᠢᠯᠴᠠᠭᠤᠯᠤᠭᠠᠳ ᠪᠠᠶᠢᠨᠠ᠃ ᠳᠡᢉᠡᠷᠡᠬᠢ ᠘᠔ ᠪᠠᠶᠢᠷᠢᠰᠢᠯ ᠳ᠋ᠤ ᠨᠡᠶᠢᠰᠯᠡᠯ ᠦᠨ ᠭᠠᠵᠠᠷ ᠵᠣᠬᠢᠶᠠᠨ ᠪᠠᠶᠢᠭᠤᠯᠤᠯᠲᠠ ᠶ᠋ᠢᠨ ᠠᠯᠪᠠᠨ ᠡᠴᠠ ᠴᠢᠯᠦᢉᠡᠯᠡᠬᠦ ᠪᠣᠯᠤᠮᠵᠢ ᠲᠠᠢ ᠨᠢᢉᠡᠴᠡ ᠲᠠᠯᠠᠪᠤᠷ᠂ ᠭᠠᠵᠠᠷ ᠦᠨ ᠦᠨᠡᠯᠡᠭᠡ ᠶ᠋ᠢ ᠨᠠᠷᠢᠪᠴᠢᠯᠠᠨ ᠲᠣᠭᠠᠴᠠᠭᠠᠯᠠᠨ ᠠᠵᠢᠯᠯᠠᠵᠤ ᠪᠠᠶᠢᠨᠠ᠃
ᠡᠨᠡ ᠦᠶᠡ ᠪᠡᠷ ᠨᠡᠶᠢᠰᠯᠡᠯ ᠦᠨ ᠵᠠᠰᠠᠭ ᠳᠠᠷᠤᠭᠠ ᠶ᠋ᠢᠨ ᠨᠢᢉᠡᠳᠦ᠋ᢉᠡᠷ ᠣᠷᠤᠯᠠᠭᠴᠢ ᠲ᠂ ᠳᠠᠸᠠᠳᠠᠯᠠᠢ ᠳᠠᠷᠠᠭᠠᠬᠢ ᠡᢉᠦᠷᠭᠡ ᠳᠠᠭᠠᠭᠠᠯᠭᠠᠪᠤᠷᠢ ᠶ᠋ᠢ ᠥᠷᠯᠦᠭᠡ᠃ ᠨᠡᠶᠢᠰᠯᠡᠯ ᠦᠨ ᠬᠡᠮᠵᠢᠶᠡᠨ ᠳ᠋ᠦ ᠲᠣᠬᠢᠵᠢᠯᠲᠠ᠂ ᠨᠣᠭᠤᠭᠠᠨ ᠪᠠᠶᠢᠭᠤᠯᠤᠮᠵᠢ ᠶ᠋ᠢ ᠨᠡᠮᠡᢉᠳᠡᢉᠦᠯᢈᠦ ᠪᠣᠯᠤᠨ ᠡᠪᠳᠡᠷᠡᠯ ᠲᠡᠢ ᠪᠠᠶᠢᠭᠠ ᠠᠦ᠋ᠲ᠋ᠣ᠋ ᠵᠠᠮ ᠪᠣᠯᠤᠨ ᠶᠠᠪᠠᠭᠠᠨ ᠬᠦᠮᠦᠨ ᠪ ᠵᠠᠮ᠂ ᠲᠠᠯᠠᠪᠠᠢ ᠶ᠋ᠢᠨ ᠵᠠᠰᠠᠪᠤᠷᠢ ᠶ᠋ᠢᠨ ᠠᠵᠢᠯ ᠢ ᠡᠷᠴᠢᠮᠵᠢᢉᠦᠯᠬᠦ᠂ ᠠᠶᠠᠯᠠᠯ ᠵᠢᠭᠤᠯᠴᠢᠯᠠᠯ ᠦᠨ ᠤᠯᠠᠷᠢᠯ ᠡᠬᠢᠯᠡᠵᠦ ᠪᠠᠶᠢᠭᠠ ᠲᠠᠢ ᠬᠣᠯᠪᠤᠭᠳᠠᠭᠤᠯᠤᠨ ᠷᠧᠰᠲ᠋ᠣᠷᠠᠨ᠋᠂ᠵᠣᠭᠤᠭ ᠦᠨ ᠭᠠᠵᠠᠷ ᠤᠤᠨ᠂ ᠵᠣᠴᠢᠳ ᠪᠠᠭᠤᠳᠠᠯ᠂ ᢉᠧᠰᠲ ᠬᠠᠦ᠋ᠰ᠂ ᠵᠢᠭᠤᠯᠴᠢᠨ ᠪ ᠪᠠᠭᠠᠵᠠ ᠨᠤᠭᠤᠳ᠂ ᠠᠮᠠᠷᠠᠯᠲᠠ ᠶ᠋ᠢᠨ ᠭᠠᠵᠠᠷ ᠤᠤᠨ ᠲᠤ ᠮᠥᠷᠳᠡᢉᠳᠡᠵᠦ ᠪᠠᠶᠢᠭᠠ ᠦᠨᠳᠦᠰᠦᠨ ᠪ ᠪᠣᠯᠤᠨ ᠬᠣᠲᠠ ᠶ᠋ᠢᠨ ᠰᠲ᠋ᠠᠨ᠋ᠳᠠᠷᠲ ᠤᠤᠨ ᠦᠨ ᠬᠡᠷᠡᢉᠵᠢᠯᠲᠡ ᠳ᠋ᠦ ᠬᠢᠨᠠᠯᠲᠠ ᠲᠠᠯᠪᠢᠬᠤ ᠠᠵᠢᠯ ᠢ ᠵᠣᠬᠢᠶᠠᠨ ᠪᠠᠶᠢᠭᠤᠯᠬᠤ᠂ ᠵᠣᠴᠢᠯᠠᠬᠤ ᠦᠢᠯᠡᠴᠢᠯᠡᢉᠡᠨ ᠪ ᠴᠢᢉᠯᠡᠯ ᠢᠶᠡᠷ ᠦᠢᠯᠡ ᠠᠵᠢᠯᠯᠠᠭᠠ ᠡᠷᠬᠢᠯᠡᠵᠦ ᠪᠠᠶᠢᠭᠠ ᠢᠷᢉᠡᠨ᠂ ᠠᠵᠤ ᠠᠬᠤᠢ ᠶ᠋ᠢᠨ ᠨᠢᢉᠡᠴᠡ ᠪᠠᠶᠢᠭᠤᠯᠤᠯᠭᠠ ᠨᠤᠭᠤᠳ ᠦᠨ ᠦᠢᠯᠡᠴᠢᠯᠡᢉᠡᠨ ᠪ ᠠᠵᠢᠯᠴᠢᠳ ᠢ ᠴᠢᠳᠠᠪᠬᠢᠵᠢᠭᠤᠯᠬᠤ ᠮᠡᠷᢉᠡᠵᠢᠯ ᠦᠨ ᠰᠤᠷᠭᠠᠯᠲᠠ ᠵᠣᠬᠢᠶᠠᠨ ᠪᠠᠶᠢᠭᠤᠯᠬᠤ᠂ ᠲᠣᠭᠤᠰᠤᠵᠢᠯᠲᠠ ᠡᠴᠠ ᠤᠷᠢᠳᠴᠢᠯᠠᠨ ᠰᠡᠷᢉᠡᠶᠢᠯᠡᠬᠦ ᠠᠵᠢᠯ ᠦᠨ ᠬᠦᠷᠢᠶᠡᠨ ᠳ᠋ᠦ ᠨᠡᠶᠢᠲᠡ ᠶ᠋ᠢᠨ ᠡᠵᠡᠮᠰᠢᠯ ᠦᠨ ᠭᠤᠳᠤᠮᠵᠢ᠂ ᠶᠠᠪᠤᠭᠠᠨ ᠵᠠᠮ ᠲᠠᠯᠠᠪᠠᠢ ᠶ᠋ᠢ ᠬᠦᠷᠦᠰᠦᠨ ᠪ ᠤᠰᠤ ᠠᠰᠢᠭᠯᠠᠨ ᠴᠢᢉᠢᢉᠰᠢᢉᠦᠯᠬᠦ ᠠᠵᠢᠯ ᠢ ᠵᠣᠬᠢᠶᠠᠨ ᠪᠠᠶᠢᠭᠤᠯᠬᠤ ᠵᠡᠷᠭᠡ ᠡᢉᠦᠷᠭᠡ ᠳᠠᠭᠠᠭᠠᠯᠭᠠᠪᠤᠷᠢ ᠶ᠋ᠢ ᠥᢉᢉᠦᢉᠰᠡᠨ ᠶᠤᠮ᠃