«ᠳᠤᠭᠤᠶᠢᠲᠠᠢ-ᠤᠯᠠᠭᠠᠨᠪᠠᠭᠠᠲᠤᠷ ᠮᠠᠷᠠᠹᠤᠨ ᠒᠐᠒᠕» ᠲᠡᠮᠡᠴᠡᢉᠡᠨ ᠪ ᠦᠶ᠎ᠡ ᠪᠡᠷ ᠨᠡᠶᠢᠲᠡ ᠶ᠋ᠢᠨ ᠲᠡᢉᠡᢉᠡᠪᠦᠷᠢ ᠶ᠋ᠢᠨ ᠔᠒ ᠴᠢᢉᠯᠡᠯ ᠳ᠋ᠦ ᠥᢉᠡᠷᠡᠴᠢᠯᠡᠯᠲᠡ ᠣᠷᠤᠨ᠎ᠠ

«ᠳᠤᠭᠤᠶᠢᠲᠠᠢ ᠤᠯᠠᠭᠠᠨᠪᠠᠭᠠᠲᠤᠷ ᠒᠐᠒᠕» ᠡᠳᠦᠷᠯᠢᠭ ᠮᠠᠷᠭᠠᠰᠢ ᠪᠤᠶᠤ ᠡᠨᠡ ᠰᠠᠷ᠎ᠠ ᠶ᠋ᠢᠨ ᠑᠐- ᠪ ᠡᠳᠦᠷ ᠪᠣᠯᠤᠨ᠎ᠠ᠃  ᠡᠳᠦᠷᠯᠢᠭ  ᠦᠨ ᠬᠦᠷᠢᠶ ᠡᠨ ᠳ᠋ᠦ ᠳᠤᠭᠤᠢ ᠶ᠋ᠢᠨ ᠫᠠᠷᠠᠳ ᠐᠖:᠐᠐–᠑᠓:᠐᠐ ᠴᠠᠭ  ᠦᠨ ᠬᠣᠭᠤᠷᠤᠨᠳᠤ ᠪᠣᠯᠬᠤ ᠲᠤᠯᠠ ᠳᠣᠣᠷᠬᠢᠢ ᠠᠦ᠋ᠲ᠋ᠣ᠋ ᠵᠠᠮ  ᠦᠨ ᠬᠦᠳᠡᠯᢉᠡᢉᠡᠨ  ᠢ ᠬᠡᠰᠡᢉᠴᠢᠯᠡᠨ ᠬᠠᠭᠠᠵᠤ ᠪᠠᠶᠢᠭ᠎ᠠ ᠲᠠᠢ ᠬᠣᠯᠪᠤᠭᠳᠠᠭᠤᠯᠤᠨ ᠨᠡᠶᠢᠲᠡ ᠶ᠋ᠢᠨ ᠲᠡᢉᠡᢉᠡᠪᠦᠷᠢ ᠶ᠋ᠢᠨ ᠔᠒ ᠴᠢᢉᠯᠡᠯ ᠳ᠋ᠦ ᠥᢉᠡᠷᠡᠴᠢᠯᠡᠯᠲᠡ ᠣᠷᠤᠵᠤ ᠪᠠᠶᠢᠨ᠎ᠠ᠃  ᠡᢉᠦᠨ ᠳ᠋ᠦ:

ᠶᠡᠭᠡ ᠲᠣᠭᠤᠷᠢᠭᠤ ᠪᠠᠷ ᠶᠠᠪᠤᠬᠤ ᠴᠢᢉᠯᠡᠯ  ᠤᠤᠨ: ᠪᠠᠶᠠᠨᠪᠦᠷᠢᠳᠦ᠂ ᠦᠨᠳᠦᠰᠦᠨ ᠪ ᠰᠢᠤᠳᠠᠨ᠂ ᠰᠠᠨᠰᠠᠷ  ᠦᠨ ᠰᠢᠲᠦᠰ ᠵᠣᠭᠰᠤᠭᠠᠯ ᠢᠢᠠᠷ᠂

ᠪᠣᠰᠤᠭ᠎ᠠ ᠴᠢᢉᠯᠡᠯ ᠪᠤᠶᠤ ᠬᠣᠶᠢᠨ᠎ᠠ ᠡᠴᠠ ᠤᠷᠤᠭᠰᠢ ᠶᠠᠪᠤᠬᠤ ᠴᠢᢉᠯᠡᠯ  ᠤᠤᠨ: ᠨᠣᠭᠤᠭᠠᠨ ᠨᠠᠭᠤᠷ᠂ ᠑᠒᠐ ᠮᠢᠩᠭᠠᠲᠤ᠂ ᠲᠥᠪ ᠴᠡᠩᢉᠡᠯᠳᠦᠬᠦ ᠬᠦᠷᠢᠶᠡᠯᠡᠩ ᠵᠣᠭᠰᠤᠭᠠᠯ  ᠢᠶᠠᠷ᠂

ᠪᠠᠷᠠᠭᠤᠨ ᠔ ᠵᠠᠮ  ᠢ ᠳᠠᠭᠠᠷᠢᠨ ᠥᠩᢉᠡᠷᠡᠬᠦ ᠴᠢᢉᠯᠡᠯ  ᠤᠤᠨ: ᠮᠦᠦᠰᠲᠣ᠋᠂ ᠡᠯᠪᠠ ᠲᠥᠪ᠂ ᠪᠥᠮᠪᠦᢉᠡᠷ ᠬᠤᠳᠠᠯᠳᠤᠭᠠᠨ ᠪ ᠲᠥᠪ᠂ ᠨᠠᠷᠠᠨ ᠪ ᠲᠢᠲᠢᠮ  ᠦᠨ ᠵᠣᠭᠰᠤᠭᠠᠯ  ᠢᠶᠠᠷ᠂

ᠵᠡᢉᠦᠨ ᠔ ᠵᠠᠮ  ᠢ ᠳᠠᠭᠠᠷᠢᠨ ᠥᠩᢉᠡᠷᠡᠬᠦ ᠴᠢᢉᠯᠡᠯ  ᠤᠤᠨ: ᠰᠠᠨᠰᠠᠷ  ᠦᠨ ᠦᠢᠯᠡᠴᠢᠯᠡᢉᠡᠨ ᠪ ᠲᠥᠪ᠂ ᠬᠠᠪᠤᠳᠠᠷ ᠰᠤᠳᠤᠯᠤᠯ  ᠦᠨ ᠦᠨᠳᠦᠰᠦᠨ ᠪ ᠲᠥᠪ ᢉᠡᠰᠡᠨ ᠴᠢᢉᠯᠡᠯ  ᠤᠤᠨ ᠲᠦ ᠲᠤᠰ ᠲᠤᠰ ᠦᠢᠯᠡᠴᠢᠯᠡᠨ᠎ᠡ᠃  ᠲᠡᢉᠦᠨᠴᠢᠯᠡᠨ ᠬᠣᠲᠠ ᠶ᠋ᠢᠨ ᠲᠥᠪ  ᠦᠨ ᠪᠤᠶᠤ ᠶᠡᠭᠡ ᠲᠣᠭᠤᠷᠢᠭᠤ ᠳᠣᠲᠤᠷᠠᠬᠢᠢ ᠭᠣᠣᠯ ᠭᠤᠳᠤᠮᠵᠢ᠂ ᠵᠠᠮ  ᠤᠤᠨ ᠬᠠᠭᠠᠭᠳᠠᠬᠤ ᠦᠶ᠎ᠡ ᠳ᠋ᠦ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᢉᠡᠨ ᠪ ᠴᠢᢉᠯᠡᠯ  ᠤᠤᠨ ᠬᠣᠶᠢᠭᠤᠷ  ᠢᠶᠠᠨ ᠶᠡᠬᠡ ᠲᠣᠭᠤᠷᠢᠭᠤ ᠶ᠋ᠢᠨ ᠭᠤᠳᠤᠮᠵᠢ᠂ ᠤᠷᠳᠤᠭᠤᠷ ᠨᠠᠷᠠᠨ ᠪ ᠵᠠᠮ᠂ ᠨᠠᠮᠢᠶᠠᠨᠵᠤᠭ  ᠦᠨ ᠭᠤᠳᠤᠮᠵᠢ ᠪᠠᠷ ᠶᠠᠪᠤᠬᠤ ᠪᠥᢉᠡᠳ ᠬᠣᠶᠢᠨ᠎ᠠ ᠡᠴᠠ ᠤᠷᠤᠭᠰᠢ ᠪᠣᠯᠤᠨ ᠤᠷᠳᠤ ᠡᠴᠠ ᠬᠣᠶᠢᠰᠢ ᠶᠠᠪᠤᠳᠠᠭ ᠪᠣᠰᠤᠭ᠎ᠠ ᠴᠢᢉᠯᠡᠯ  ᠤᠤᠨ ᠪᠣᠯᠬᠤ ᠪᠠᠷᠠᠭᠤᠨ ᠔ ᠵᠠᠮ᠂ ᠨᠠᠷᠠᠨ ᠪ ᢉᠦᠢᢉᠦᠷᠭᠡ᠂ ᠵᠡᢉᠦᠨ ᠔ ᠵᠠᠮ  ᠢᠶᠠᠷ ᠦᠶᠢᠯᠡᠴᠢᠯᠡᠬᠦ ᠪᠠ ᠣᠷᠤᠢ ᠑᠘:᠐᠐ ᠴᠠᠭ ᠡᠴᠠ ᠬᠣᠶᠢᠰᠢ ᠦᠨᠳᠦᠰᠦᠨ ᠵᠠᠮᠨᠠᠯ  ᠢᠶᠠᠷ ᠦᠢᠯᠡᠴᠢᠯᠡᠭᠡ ᠦᠷᢉᠦᠯᠵᠢᠯᠡᠨ᠎ᠡ᠃