ᠪᠠᠭᠠᠬᠠᠩᠭᠠᠢ-ᠤᠯᠠᠭᠠᠨᠪᠠᠭᠠᠲᠤᠷ ᠴᠢᢉᠯᠡᠯ  ᠦᠨ ᠨᠡᠶᠢᠲᠡ ᠶ᠋ᠢᠨ ᠲᠡᢉᠡᢉᠡᠪᠦᠷᠢ ᠶ᠋ᠢᠨ ᠠᠦᠲ᠋ᠤᠪᠦᠰ  ᠦᠨ ᠴᠠᠭ  ᠦᠨ ᠬᠤᠪᠢᠶᠠᠷᠢᠲᠤ ᠥᢉᠡᠷᠡᠴᠢᠯᠡᠯᠲᠡ ᠣᠷᠤᠯ᠎ᠠ

ᠪᠠᠭᠠᠬᠠᠩᠭᠠᠢ-ᠤᠯᠠᠭᠠᠨᠪᠠᠭᠠᠲᠤᠷ ᠴᠢᢉᠯᠡᠯ ᠳ᠋ᠦ ᠥᠩᢉᠡᠷᠡᢉᠰᠡᠨ ᠳᠥᠷᠪᠡᠳᠦ᠋ᢉᠡᠷ ᠰᠠᠷ᠎ᠠ ᠶ᠋ᠢᠨ ᠒᠘-ᠨᠠᠭᠠᠰᠤ ᠨᠡᠶᠢᠲᠡ ᠶ᠋ᠢᠨ ᠲᠡᢉᠡᢉᠡᠪᠦᠷᠢ ᠶ᠋ᠢᠨ ᠠᠦ᠋ᠲ᠋ᠣᠪᠦ᠋ᠰ ᠶᠠᠪᠤᠵᠤ ᠡᢈᠬᠢᠯᠡᢉᠰᠡᠨ᠃  ᠥᠩᢉᠡᠷᠡᢉᠰᠡᠨ ᠬᠤᠭᠤᠴᠠᠭᠠᠨ ᠳ᠋ᠤ ᠢᠷᢉᠡᠳ ᠡᠴᠡ ᠨᠡᠶᠢᠲᠡ ᠶ᠋ᠢᠨ ᠲᠡᢉᠡᢉᠡᠪᠦᠷᠢ ᠶ᠋ᠢᠨ ᠠᠦᠲ᠋ᠤᠪᠦᠰ ᠶᠠᠪᠤᠭᠤᠯᠵᠤ ᠡᢈᠬᠢᠯᠡᢉᠰᠡᠨ ᠳ᠋ᠦ ᠲᠠᠯᠠᠷᠬᠠᠭᠰᠠᠨ ᠪᠠ ᠥᠷᠯᠦᠭᠡ ᠶ᠋ᠢᠨ ᠴᠠᠭ  ᠦᠨ ᠬᠤᠪᠢᠶᠠᠷᠢ ᠶ᠋ᠢ ᠥᢉᠡᠷᠡᠴᠢᠯᠡᠵᠦ ᠥᢉᢉᠦᠨ᠎ᠡ ᠦᠦ ᢉᠡᠰᠡᠨ ᠬᠦᠰᠡᠯᠲᠡ ᠶ᠋ᠢᠨ ᠳᠠᠭᠠᠭᠤ ᠬᠦ:᠑᠘ ᠤᠯᠠᠭᠠᠨᠪᠠᠭᠠᠲᠤᠷ /ᠲᠩᠷᠢ ᠫᠯᠠᠽᠠ/-ᠪᠠᠭᠠᠬᠠᠩᠭᠠᠢ ᠡᠴᠦᠰ  ᠦᠨ ᠵᠣᠭᠰᠤᠭᠠᠯ ᠴᠢᢉᠯᠡᠯ  ᠦᠨ ᠴᠠᠭ  ᠦᠨ ᠬᠤᠪᠢᠶᠠᠷᠢᠲᠤ ᠥᢉᠡᠷᠡᠴᠢᠯᠡᠯᠲᠡ ᠣᠷᠤᠭᠤᠯᠤᠯ᠎ᠠ᠃ ᠲᠤᠰᠠ ᠴᠢᢉᠯᠡᠯ  ᠦᠨ ᠠᠦᠲ᠋ᠤᠪᠦᠰ ᠒᠐᠒᠕  ᠦᠨ ᠪ ᠐᠕ ᠳ᠋ᠤᠭᠠᠷ ᠰᠠᠷ᠎ᠠ ᠶ᠋ᠢᠨ ᠐᠙-ᠨᠢᠢ ᠡᠳᠦᠷ ᠡᠴᠡ ᠳᠠᠷᠠᠭᠠᠬᠢ ᠴᠠᠭ  ᠦᠨ ᠬᠤᠪᠢᠶᠠᠷᠢ ᠪᠠᠷ ᠢᠷᢉᠡᠳ ᠲᠦ ᠦᠢᠯᠡᠴᠢᠯᠡᠨ᠎ᠡ᠃

📌ᠠᠦᠲ᠋ᠤᠪᠦᠰ  ᠦᠨ ᠴᠢᢉᠯᠡᠯ  ᠭᠥ:᠑᠘ ᠤᠯᠠᠭᠠᠨᠪᠠᠭᠠᠲᠤᠷ /ᠲᠩᠷᠢ ᠫᠯᠠᠽᠠ/-ᠪᠠᠭᠠᠬᠠᠩᠭᠠᠢ ᠡᠴᠦᠰ  ᠦᠨ ᠵᠣᠭᠰᠤᠭᠠᠯ

📌ᠵᠣᠭᠰᠤᠭᠠᠯ:- ᠪᠠᠶᠠᠨᠵᠢᠷᠦᢈᠡ ᠰᠢᠯᠭᠠᠨ ᠨᠡᠪᠲᠡᠷᠡᢉᠦᠯᠬᠦ ᠲᠣᠪᠴᠢᠶ᠎ᠠ᠂ᠣᠷᢉᠢᠯ- ᠨᠠᠯᠠᠶᠢᠬᠤ᠂ ᠘᠖-ᠷ ᠦᠢᠯᠡᠳᠪᠦᠷᠢ᠂ ᠪᠠᠭᠠᠬᠠᠩᠭᠠᠢ ᠳᠡᢉᠦᠷᠭᠡ ᠶ᠋ᠢᠨ ᠒-ᠷ ᠬᠣᠷᠢᠶᠠᠨ ᠪ ᠵᠣᠭᠰᠤᠭᠠᠯ /

📌ᠴᠠᠭ  ᠦᠨ ᠬᠤᠪᠢᠶᠠᠷᠢ:

ᠪᠠᠭᠠᠬᠠᠩᠭᠠᠢ ᠡᠴᠠ ᠬᠦᠳᠡᠯᠬᠦ ᠴᠠᠭ-᠐᠘:᠐᠐᠂ ᠑᠒:᠔᠐᠂ ᠑᠗:᠒᠐ ᠤᠯᠠᠭᠠᠨᠪᠠᠭᠠᠲᠤᠷ ᠲᠤ ᠢᠷᠡᠬᠦ ᠴᠠᠭ-᠐᠙:᠕᠐᠂ ᠑᠔:᠓᠐᠂ ᠑᠙:᠑᠐ ᠤᠯᠠᠭᠠᠨᠪᠠᠭᠠᠲᠤᠷ ᠠ᠋ᠴᠠ ᢈᠥᠳᠡᠯᢈᠦ ᠴᠠᠭ-᠑᠐:᠒᠐᠂ ᠑᠕:᠐᠐᠂ ᠑᠙:᠔᠐ ᠪᠠᠭᠠᠬᠠᠩᠭᠠᠢ ᠳ᠋ᠤ ᠢᠷᠡᠬᠦ ᠴᠠᠭ-᠑᠒:᠑᠐᠂ ᠑᠖:᠕᠐᠂ ᠒᠑:᠓᠐

📌ᠷᠧᠶᠢᠰ  ᠦᠨ ᠲᠣᠭ᠎ᠠ: ᠡᠳᠦᠷ ᠲᠦ ᠓

📌ᠦᠨ᠎ᠡ ᠶ᠋ᠢᠨ ᠮᠡᠳᠡᢉᠡᠯᠡᠯ: ᠲᠣᠮᠤ ᠬᠦᠮᠦᠨ ᠘᠐᠐᠐᠂ ᠬᠡᠦᠬᠡᠳ ᠔᠐᠐᠐ ᠲᠥᢉᠦᠷᠭ᠌ ᠲᠤᠰᠠ ᠴᠢᢉᠯᠡᠯ ᠳ᠋ᠦ ᠦᠶᠢᠯᠡᠴᠢᠯᠡᠵᠦ ᠪᠠᠶᠢᠭ᠎ᠠ ᠠᠦᠲ᠋ᠤᠪᠦᠰ ᠨᠢ “Yutong Bus” ᠻᠣᠮᠫᠠᠨᠢ ᠳ᠋ᠤ ᠦᠶᠢᠯᠡᠳᠪᠦᠷᠢᠯᠡᢉᠰᠡᠨ ZK᠖᠑᠑᠗H ᠵᠠᠭᠪᠤᠷ  ᠦᠨ ᠠᠦ᠋ᠲ᠋ᠣᠪᠦ᠋ᠰ ᠪᠠ ᠔᠕ ᠬᠦᠮᠦᠨ ᠪ ᠰᠠᠭᠤᠳᠠᠯ ᠲᠠᠢ᠂ᠧᠦ᠋ᠷᠣ᠋-᠕ ᠬᠦᠳᠡᠯᢉᠡᢉᠦᠷ ᠲᠡᠢ᠂ ᠮᠣᠩᠭᠣᠯ ᠣᠷᠤᠨ ᠪ ᠴᠠᠭ ᠠᠭᠠᠷ  ᠦᠨ ᠨᠥᠬᠦᠴᠡᠯ ᠳ᠋ᠦ ᠲᠣᠬᠢᠷᠠᠭᠰᠠᠨ ᠠᠭᠠᠷᠵᠢᠭᠤᠯᠤᠯᠲᠠ ᠶ᠋ᠢᠨ ᠰᠢᠰᠲ᠋ᠧᠮ᠂ ᠬᠢᠨᠠᠯᠲᠠ ᠶ᠋ᠢᠨ ᠻᠠᠮᠧᠷ ᠲᠠᠢ᠂ ᠵᠣᠷᠴᠢᠭᠴᠢ ᠶ᠋ᠢᠨ ᠠᠶ᠎ᠠ ᠲᠤᠬ᠎ᠠ᠂ ᠠᠶᠤᠯ ᠦᢉᠡᠢ ᠪᠠᠶᠢᠳᠠᠯ  ᠢ ᠪᠦᠷᠢᠨ ᠬᠠᠩᠭᠠᠭᠰᠠᠨ ᠠᠦ᠋ᠲ᠋ᠣᠪᠦ᠋ᠰ ᠶᠤᠮ᠃