ᠤᠯᠠᠭᠠᠨᠪᠠᠭᠠᠲᠤᠷ ᠬᠣᠲᠠ ᠒᠐᠔᠐ ᠬᠦᢉᠵᠢᠯ  ᠦᠨ ᠶᠡᠷᠦᠩᠡᠬᠡᠢ ᠲᠥᠯᠦᠪᠯᠡᢉᠭ ᠶ᠋ᠢ ᠴᠢᠩᢉᠡᠯᠲᠡᠢ᠂ ᠰᠦᠬᠡᠪᠠᠭᠠᠲᠤᠷ ᠳᠡᢉᠦᠷᠭᠡ ᠶ᠋ᠢᠨ ᠵᠢᠳᠲᠦ-ᠶᠤᠨ ᠠᠯᠪᠠ ᠬᠠᠭᠠᠭᠴᠢᠳ ᠲᠤ ᠲᠠᠨᠢᠯᠴᠠᠭᠤᠯᠤᠯ᠎ᠠ

ᠤᠯᠠᠭᠠᠨᠪᠠᠭᠠᠲᠤᠷ ᠬᠣᠲᠠ ᠒᠐᠔᠐ ᠬᠦᢉᠵᠢᠯ  ᠦᠨ ᠶᠡᠷᠦᠩᠡᠬᠡᠢ ᠲᠥᠯᠦᠪᠯᠡᢉᠭ ᠶ᠋ᠢ ᠴᠢᠩᢉᠡᠯᠲᠡᠢ᠂ ᠰᠦᠬᠡᠪᠠᠭᠠᠲᠤᠷ ᠳᠡᢉᠦᠷᠭᠡ ᠶ᠋ᠢᠨ ᠵᠢᠳᠲᠦ-ᠶᠤᠨ ᠠᠯᠪᠠ ᠬᠠᠭᠠᠭᠴᠢᠳ ᠲᠤ ᠲᠠᠨᠢᠯᠴᠠᠭᠤᠯᠤᠯ᠎ᠠ

ᠤᠯᠠᠭᠠᠨᠪᠠᠭᠠᠲᠤᠷ ᠬᠣᠲᠠ ᠒᠐᠔᠐ ᢈᠥᢉᠵᠢᠯ  ᠦᠨ ᠶᠡᠷᠦᠩᠬᠡᠢ ᠲᠥᠯᠦᠪᠯᠡᠭᠡ᠂ ᠨᠡᠶᠢᠰᠯᠡᠯ ᠳ᠋ᠦ ᠬᠡᠷᠡᢉᠵᠢᢉᠦᠯᢈᠦ ᠒᠔ ᠮᠧᢉᠨ ᠲᠥᠰᠦᠯ  ᠦᠨ ᠶᠠᠪᠤᠴᠠ᠂ ᠒᠐ ᠮᠢᠨᠦ᠋ᠲ  ᠦᠨ ᠬᠣᠲᠠ ᠦᠵᠡᠯ ᠪᠠᠷᠢᠮᠲᠠᠯᠠᠯ  ᠢ ᠲᠥᠷᠦ ᠶ᠋ᠢᠨ ᠠᠯᠪᠠ ᠬᠠᠭᠠᠭᠴᠢᠳ ᠲᠤ ᠲᠠᠨᠢᠯᠴᠠᠭᠤᠯᠬᠤ᠂ ᠪᠦᠲᠦᢉᠡᠨ ᠪᠠᠶᠢᠭᠤᠯᠤᠯᠲᠠ ᠲᠠᠢ ᠬᠣᠯᠪᠤᠭᠠᠲᠠᠢ ᠴᠠᠭ ᠦᠶ᠎ᠡ ᠶ᠋ᠢᠨ ᠮᠡᠳᠡᢉᠡᠯᠡᠯ  ᠢᠶᠡᠷ ᠬᠠᠩᠭᠠᠬᠤ ᠠᠵᠢᠯ  ᠢ ᠴᠢᠩᢉᠡᠯᠲᠡᠢ᠂ ᠰᠦᠬᠡᠪᠠᠭᠠᠲᠤᠷ ᠳᠡᢉᠦᠷᠭᠡ ᠶ᠋ᠢᠨ ᠵᠢᠳᠲᠦ-ᠶᠤᠨ ᠠᠯᠪᠠ ᠬᠠᠭᠠᠭᠴᠢᠳ ᠡᠴᠠ ᠡᠬᠢᠯᠡᢉᠦᠯᠦᠯ᠎ᠡ᠃ ᠨᠡᠶᠢᠰᠯᠡᠯ  ᠦᠨ ᠬᠡᠮᠵᠢᠶᠡᠨ ᠳ᠋ᠦ ᠖᠐᠐᠐ ᠣᠷᠴᠢᠮ ᠲᠥᠷᠦ ᠶ᠋ᠢᠨ ᠠᠯᠪᠠ ᠬᠠᠭᠠᠭᠴᠢ ᠪᠤᠢ᠃  ᠲᠥᠷᠦ ᠶ᠋ᠢᠨ ᠦᠶᠢᠯᠡᠴᠢᠯᠡᠭᠡ ᠶ᠋ᠢ ᠪᠦᢈᠦ ᠱᠠᠲᠤᠨ ᠳ᠋ᠤ ᠬᠠᠩᠭᠠᠵᠤ ᠠᠵᠢᠯᠯᠠᠵᠤ ᠪᠠᠶᠢᠭ᠎ᠠ ᠠᠵᠢᠯᠴᠢᠨ᠂ ᠠᠯᠪᠠ ᠬᠠᠭᠠᠭᠴᠢᠳ  ᠢᠶᠠᠨ ᠮᠡᠳᠡᢉᠡᠯᠵᠢᢉᠦᠯᠬᠦ ᠡᠴᠡ ᠲᠥᠷᠦ-ᠢᠷᢉᠡᠨ ᠪ ᠣᠶᠢᠯᠠᠭᠠᠯᠲᠠ ᠨᠢᠭᠡ ᠪᠣᠯᠤᠨ᠎ᠠ᠃  ᠲᠡᠶᠢᠮᠦ ᠡᠴᠡ ᠲᠠᠨ ᠪ ᠠᠵᠢᠯᠯᠠᠵᠤ᠂ ᠠᠮᠢᠳᠤᠷᠠᠵᠤ ᠪᠠᠶᠢᠭ᠎ᠠ ᠳᠡᢉᠦᠷᠭᠡ ᠒᠐᠔᠐ ᠣᠨ ᠬᠦᠷᠲᠡᠯ᠎ᠡ ᠬᠡᠷᠬᠢᠨ᠂ ᠶᠠᠭᠠᠬᠢᠵᠤ ᠬᠦᢉᠵᠢᠬᠦ᠂ ᠶᠠᠮᠠᠷ ᠪᠦᠲᠦᢉᠡᠨ ᠪᠠᠶᠢᠭᠤᠯᠤᠯᠲᠠ ᠬᠠᠮᠢᠭ᠎ᠠ ᠬᠢᠬᠦ ᠪᠡᠷ ᠲᠥᠯᠦᠪᠯᠡᠪᠡ᠂ ᠲᠥᠰᠦᠯ  ᠦᠨ ᠶᠠᠪᠤᠴᠠ ᠶᠠᠮᠠᠷ ᠱᠠᠲᠤᠨ ᠳ᠋ᠤ ᠤᠷᠤᠭᠰᠢᠯᠠᠵᠤ ᠪᠠᠶᠢᠭ᠎ᠠ ᠶ᠋ᠢ ᠮᠡᠳᠡᠬᠦ ᠨᠢ ᠴᠢᠬᠤᠯᠠ ᢉᠡᠳᠡᢉ  ᠢ ᠨᠢᠲ᠋ᢈᠢ-  ᠦᠨ ᠲᠥᠯᠦᢉᠡᠯᠡᢉᠴᠢ᠂ ᠤᠯᠠᠭᠠᠨᠪᠠᠭᠠᠲᠤᠷ ᠬᠣᠲᠠ ᠒᠐᠔᠐ ᠯᠣᠪᠪᠢ ᠪᠦᠯᠦᠡᠭ  ᠦᠨ ᠳᠠᠷᠤᠭ᠎ᠠ ᠬ᠂ ᠪᠠᠲᠤᠰᠠᠶᠢᠬᠠᠨ ᠣᠨᠴᠠᠯᠠᠯ᠎ᠠ᠃

ᠨᠢᠲ᠋ᠾᠠ-  ᠦᠨ ᠲᠥᠯᠦᢉᠡᠯᠡᢉᠴᠢ ᠪ‍᠂ᠰᠡᠮᠵᠢᠳᠮ᠎ᠠ ᠮᠣᠩᠭᠣᠯ ᠤᠯᠤᠰ  ᠦᠨ ᠵᠠᠰᠠᠭ  ᠦᠨ ᠭᠠᠵᠠᠷ᠂ ᠨᠡᠶᠢᠰᠯᠡᠯ ᠬᠣᠲᠠ ᠶ᠋ᠢᠨ ᠤᠳᠤᠷᠢᠳᠤᠯᠭ᠎ᠠ ᠶ᠋ᠢᠨ ᠪᠦᠲᠦᠴᠡ ᠶ᠋ᠢᠨ ᠬᠢᠨ ᠮᠣᠩᠭᠤᠯ ᠤᠯᠤᠰ  ᠦᠨ ᠬᠦᢉᠵᠢᠯ  ᠦᠨ ᠰᠠᠭᠤᠷᠢ ᠨᠢ ᠤᠯᠠᠭᠠᠨᠪᠠᠭᠠᠲᠤᠷ᠃  ᠬᠣᠲᠠ ᠪᠠᠨ ᠬᠦᢉᠵᠢᢉᠦᠯᠬᠦ ᠴᠣ ᠰᠢᠨ᠎ᠡ ᠲᠥᠯᠦᠪᠯᠡᠯᠲᠡ ᠶ᠋ᠢᠨ ᠵᠠᠭᠪᠤᠷ  ᠢ ᠢᠷᢉᠡᠳ᠂ ᠣᠯᠠᠨ ᠨᠡᠶᠢᠲᠡ᠂ ᠲᠥᠷᠦ ᠶ᠋ᠢᠨ ᠠᠯᠪᠠᠨ ᠬᠠᠭᠠᠭᠴᠢᠳ ᠲᠤ ᠪᠠᠨ ᠦᠶ᠎ᠡ ᠱᠠᠲᠤ ᠲᠠᠢ ᠲᠠᠨᠢᠯᠴᠠᠭᠤᠯᠵᠤ ᠪᠠᠶᠢᠨ᠎ᠠ᠃  ᠲᠡᠶᠢᠮᠦ ᠡᠴᠡ ᠨᠡᠶᠢᠰᠯᠡᠯ  ᠦᠨ ᠵᠠᠰᠠᠭ ᠳᠠᠷᠤᠭ᠎ᠠ ᠪᠥᢉᠡᠳ ᠤᠯᠠᠭᠠᠨᠪᠠᠭᠠᠲᠤᠷ ᠬᠣᠲᠠ ᠶ᠋ᠢᠨ ᠵᠠᠬᠢᠷᠤᠭᠴᠢ ᠬᠠ‍᠂ᠨᠢᠮᠠᠪᠠᠭᠠᠲᠤᠷ ᠳᠡᢉᠦᠷᠭᠡ᠂ ᠬᠣᠷᠢᠶᠠᠳ  ᠦᠨ ᠵᠠᠰᠠᠭ ᠳᠠᠷᠤᠭ᠎ᠠ ᠨᠠᠷ  ᠦᠨ ᠰᠢᠭᠤᠷᠬᠠᠢ ᠬᠤᠷᠠᠯᠳᠤᠭᠠᠨ  ᠢ ᠵᠣᠬᠢᠶᠠᠨ ᠪᠠᠶᠢᠭᠤᠯᠵᠤ᠂ ᠠᠰᠠᠭᠤᠳᠠᠯ᠂ ᠪᠡᠷᢈᠡᠰᠢᠶᠡᠯ  ᠢ ᠨᠢ ᠰᠣᠨᠤᠰᠴᠤ᠂ ᠨᠢᠭᠲᠠ ᠬᠠᠮᠲᠤᠷᠠᠵᠤ ᠠᠵᠢᠯᠯᠠᠬᠤ ᠪᠣᠯᠤᠭᠰᠠᠨ ᠨᠢ ᠪᠣᠳᠤᠯᠭ᠎ᠠ ᠶ᠋ᠢᠨ ᠰᠢᠨ᠎ᠡ ᠠᠷᠭ᠎ᠠ ᠪᠠᠷᠢᠯ ᢉᠡᠵᠦ ᠬᠠᠷᠠᠵᠤ ᠪᠠᠶᠢᠨ᠎ᠠ᠃  ᠲᠡᠶᠢᠮᠦ ᠡᠴᠡ ᠳᠡᢉᠦᠷᠭᠡ᠂ ᠬᠣᠷᠢᠶᠠᠳ ᠥᠪᠡᠷ ᠥᠪᠡᠷ  ᠦᠨ ᠰᠢᠢᠳᠦᢉᠦᠯᠬᠦ ᠠᠰᠠᠭᠤᠳᠠᠯ  ᠢᠶᠠᠨ ᠲᠥᠯᠦᠪᠯᠡᠬᠦ᠂ ᠡᠷᠢᠮᠪᠡᠯᠡᠬᠦ᠂ ᠲᠠᠨᠢᠯᠴᠠᠭᠤᠯᠬᠤ ᠪᠣᠯᠤᠮᠵᠢ ᠲᠠᠢ ᠪᠣᠯᠵᠤ ᠪᠠᠶᠢᠭ᠎ᠠ ᠶ᠋ᠢ ᠳᠤᠭᠤᠯᠭᠠᠶ᠎ᠠ ᢉᠡᠳᠡᢉ  ᠢ ᠲᠣᠳᠤᠳᠬᠠᠯ᠎ᠠ᠃