ᠨᠡᠶᠢᠰᠯᠡᠯ ᠳ᠋ᠦ ᠲᠡᢉᠡᢉᠡᠪᠦᠷᠢ᠂ ᠯᠣᢉᠢᠰᠲ᠋ᠢᠻ ᠦᠨ ᠦᠢᠯᠡ ᠠᠵᠢᠯᠯᠠᠭᠠ ᠶᠠᠪᠤᠭᠤᠯᠵᠤ ᠪᠤᠢ ᠠᠨ ᠪᠠᠶᠢᠭᠤᠯᠤᠯᠭᠠ ᠶ᠋ᠢᠨ ᠲᠥᠯᠦᢉᠡᠯᠡᠯ᠂ ᠬᠣᠯᠪᠤᠭᠠᠳ ᠦᠨ ᠤᠳᠤᠷᠢᠳᠤᠯᠭᠠ ᠨᠤᠭᠤᠳ ᠦᠨ ᠰᠠᠨᠠᠯ ᠢ ᠰᠣᠨᠤᠰᠤᠯᠠ
ᠲᠡᢉᠡᢉᠡᠪᠦᠷᠢ᠂ ᠯᠣᢉᠢᠰᠲ᠋ᠢᠻ ᠦᠨ ᠨᠢᢉᠡᠳᠦᢉᠰᠡᠨ ᠲᠥᠪ ᠢ ᠾᠢᠦ᠋ᠩᠨᠦ ᠬᠣᠲᠠ ᠳ᠋ᠤ ᠰᠢᠨᠡ ᠪᠡᠷ ᠪᠠᠷᠢᠬᠤ ᠠᠵᠢᠯ ᠦᠨ ᠬᠦᠷᠢᠶᠡᠨ ᠳ᠋ᠦ ᠨᠡᠶᠢᠰᠯᠡᠯ ᠳ᠋ᠦ ᠦᠢᠯᠡ ᠠᠵᠢᠯᠯᠠᠭᠠ ᠶᠠᠪᠤᠭᠤᠯᠵᠤ ᠪᠤᠢ ᠠᠨ᠂ ᠬᠣᠯᠪᠤᠭᠠᠳ ᠲᠠᠢ ᠰᠠᠨᠠᠯ ᠰᠣᠯᠢᠯᠴᠠᠬᠤ ᠠᠭᠤᠯᠵᠠᠯᠲᠠ ᠨᠤᠭᠤᠳ ᠢ ᠦᠶᠡ ᠱᠠᠲᠤ ᠲᠠᠢ ᠵᠣᠬᠢᠶᠠᠨ ᠪᠠᠶᠢᠭᠤᠯᠵᠤ ᠪᠠᠶᠢᠨᠠ᠃ ᠲᠤᠬᠠᠶᠢᠯᠠᠪᠠᠯ᠂ ᠥᠩᢉᠡᠷᠡᢉᠰᠡᠨ ᠠᠮᠠᠷᠠᠯᠲᠠ ᠶ᠋ᠢᠨ ᠡᠳᠦᠷ ᠢᠶᠡᠷ ᠨᠡᠶᠢᠰᠯᠡᠯ ᠦᠨ ᠰᠠᠩᠬᠦᠦ᠂ ᠡᠳ᠋ ᠦᠨ ᠵᠠᠰᠠᠭ᠂ ᠬᠦᢉᠵᠢᠯ ᠦᠨ ᠪᠦᠲᠦᢉᠡᠨ ᠪᠠᠶᠢᠭᠤᠯᠤᠯᠲᠠ ᠶ᠋ᠢ ᠡᠷᠴᠢᠮᠵᠢᢉᠦᠯᢈᠦ ᠲᠥᠰᠦᠯ᠂ ᠬᠦᠲᠦᠯᠪᠦᠷᠢ ᠶ᠋ᠢᠨ ᠵᠣᠬᠢᠴᠠᠭᠤᠯᠤᠭᠴᠢ ᠯᠠ᠃ ᠬᠣᠰᠪᠠᠶᠠᠷ ᠢᠶᠠᠷ ᠠᠬᠠᠯᠠᠭᠤᠯᠤᠭᠰᠠᠨ ᠠᠵᠢᠯ ᠦᠨ ᠬᠡᠡᠰᠡᠬ ᠲᠤᠬᠠᠢ ᠶ᠋ᠢᠨ ᠠᠨ-ᠡᢉᠦᠳᠡ ᠶ᠋ᠢᠨ ᠦᠶᠢᠯᠡᠳᠪᠦᠷᠢ᠂ ᠲᠧᠷᠮᠢᠨᠠᠯ ᠲᠠᠢ ᠲᠠᠨᠢᠯᠴᠠᠭᠰᠠᠨ᠃ ᠬᠠᠷᠢᠨ ᠥᠨᠦᠳᠦᠷ ᠨᠡᠶᠢᠰᠯᠡᠯ ᠳ᠋ᠦ ᠲᠡᢉᠡᢉᠡᠪᠦᠷᠢ ᠯᠣᢉᠢᠰᠲ᠋ᠢᠻ ᠦᠨ ᠦᠢᠯᠡ ᠠᠵᠢᠯᠯᠠᠭᠠ ᠶᠠᠪᠤᠭᠤᠯᠵᠤ ᠪᠤᠢ ᠠᠨ᠂ ᠪᠠᠶᠢᠭᠤᠯᠤᠯᠭᠠ ᠶ᠋ᠢᠨ ᠤᠳᠤᠷᠢᠳᠤᠯᠭᠠ ᠨᠤᠭᠤᠳ ᠲᠠᠢ ᠠᠭᠤᠯᠵᠠᠵᠤ᠂ ᠰᠠᠨᠠᠯ ᠰᠣᠯᠢᠯᠴᠠᠯᠠ᠃ ᠲᠡᢉᠡᢉᠡᠪᠦᠷᠢ ᠯᠣᢉᠢᠰᠲ᠋ᠢᠻ ᠦᠨ ᠴᠢᢉᠯᠡᠯ ᠦᠨ ᠠᠨ᠂ ᠪᠠᠶᠢᠭᠤᠯᠤᠯᠭᠠ ᠶ᠋ᠢᠨ ᠤᠳᠤᠷᠢᠳᠤᠯᠭᠠ ᠨᠤᠭᠤᠳ ᠥᠨᠦᠳᠦᠷ ᠦᠨ ᠪᠠᠶᠢᠳᠠᠯ ᠢᠶᠠᠷ ᠨᠡᠶᠢᠰᠯᠡᠯ ᠦᠨ ᠬᠡᠮᠵᠢᠶᠡᠨ ᠳ᠋ᠦ ᠬᠤᠪᠢ ᠶ᠋ᠢᠨ ᠲᠧᠷᠮᠢᠨᠠᠯ ᠲᠠᠢ ᠑᠐ ᠭᠠᠷᠤᠢ᠂ ᠲᠡᢉᠡᢉᠡᠪᠦᠷᠢ᠂ ᠯᠣᢉᠢᠰᠲ᠋ᠢᠻ ᠦᠨ ᠦᠢᠯᠡᠴᠢᠯᠡᢉᠡ ᠦᠵᠡᢉᠦᠯᠳᠡᢉ ᠑᠐᠐ ᠭᠠᠷᠤᠢ ᠠᠵᠤ ᠠᠬᠤᠢ ᠶ᠋ᠢᠨ ᠨᠢᢉᠡᠴᠡ ᠦᠢᠯᠡ ᠠᠵᠢᠯᠯᠠᠭᠠ ᠶᠠᠪᠤᠭᠤᠯᠵᠤ ᠪᠤᠢ ᠶ᠋ᠢ ᠣᠨᠴᠠᠯᠠᠯᠠ᠃
ᠥᠨᠦᠳᠦᠷ ᠤᠯᠠᠭᠠᠨᠪᠠᠭᠠᠲᠤᠷ ᠲᠡᢉᠡᢉᠡᠪᠦᠷᠢ ᠯᠣᢉᠢᠰᠲ᠋ᠢᠻ ᠦᠨ ᠬᠤᠪᠢ ᠳ᠋ᠤ ᠦᠷᠡ ᠠᠰᠢᠭ᠂ ᠪᠦᠲᠦᢉᠡᠮᠵᠢ ᠪᠠᠭᠠᠲᠠᠢ᠂ ᠠᠵᠢᠯᠯᠠᠭᠠ ᠶᠡᢈᠡ ᠲᠡᠢ᠃ ᠲᠡᠮᠦᠷ ᠵᠠᠮ ᠦᠨ ᠥᠷᠲᠡᢉᠡᠨ ᠳᠡᢉᠡᠷᠡ ᠢᠷᠡᢉᠰᠡᠨ ᠴᠢᠩᢉᠡᠯᠢᢉ ᠤᠤᠨ ᠢ ᠭᠠᠷ ᠠᠷᠭᠠ ᠪᠠᠷ ᠠᠩᢉᠢᠯᠠᠨ ᠢᠯᠭᠠᠵᠤ᠂ ᠑᠐ ᠲᠧᠷᠮᠢᠨᠠᠯ ᠤᠷᠤᠭᠤ ᠴᠥᢉᠡᠨ ᠲᠣᠭᠠᠨ ᠪ ᠸᠠᠭᠣᠨ ᠢᠢᠠᠷ ᠲᠦᢉᠡᢉᠡᠳᠡᠭ᠃ ᠨᠢᠭ ᠴᠢᠩᢉᠡᠯᠢᠭ ᠲᠦ ᠨᠣᠭᠳᠠᠬᠤ ᠵᠠᠷᠤᠳᠠᠯ ᠥᠨᠳᠦᠷ᠃ ᠑᠐ ᠲᠧᠷᠮᠢᠨᠠᠯ ᠪᠦᠷᠢ ᠶ᠋ᠢᠨ ᠲᠣᠨᠤᠭ ᠲᠥᠬᠦᢉᠡᠷᠦᠮᠵᠢ ᠶ᠋ᠢ ᠪᠦᠷᠢᠨ ᠬᠦᠴᠦᠨ ᠴᠢᠳᠠᠯ ᠢᠶᠠᠷ ᠠᠰᠢᠭᠯᠠᠳᠠᠭ ᠦᢉᠡᠢ᠃ ᠲᠧᠷᠮᠢᠨᠠᠯ ᠤᠤᠨ ᠳᠡᢉᠡᠷᠡ ᠪᠠᠭᠤᠭᠰᠠᠨ ᠠᠴᠢᠶᠠᠨ ᠪ ᠔᠐ ᠣᠷᠴᠢᠮ ᠬᠤᠪᠢ ᠶ᠋ᠢ ᠡᠷᢉᠢᠵᠦ ᠣᠷᠤᠨ ᠨᠤᠲᠤᠭ ᠲᠤ ᠲᠦᢉᠡᢉᠡᠳᠡᠭ᠃ ᠯᠣᢉᠢᠰᠲ᠋ᠢᠻ ᠻᠣᠮᠫᠠᠨᠢ ᠪᠦᠷᠢ ᠥᠪᠡᠷ ᠦᠨ ᠲᠠᠯᠠᠪᠠᠢ ᠲᠠᠢ ᠪᠣᠯᠬᠤ ᠬᠦᠰᠡᠯ ᠲᠡᠢ ᠪᠣᠯᠪᠠᠴᠤ ᠨᠡᠶᠢᠰᠯᠡᠯ ᠳ᠋ᠦ ᠵᠠᠢ ᠲᠠᠯᠠᠪᠠᠢ ᠪᠠᠶᠢᠬᠤ ᠦᢉᠡᠢ᠃ ᠾᠢᠦ᠋ᠩᠨᠦ ᠬᠣᠲᠠ ᠶ᠋ᠢᠨ ᠲᠡᢉᠡᢉᠡᠪᠦᠷᠢ ᠯᠣᢉᠢᠰᠲ᠋ᠢᠻ ᠦᠨ ᠨᠢᢉᠡᠳᠦᢉᠰᠡᠨ ᠲᠥᠪ ᠪᠠᠶᠢᠭᠤᠯᠤᠭᠳᠠᠭᠰᠠᠨ ᠢᠶᠠᠷ ᠡᠳᠡᢉᠡᠷ ᠠᠰᠠᠭᠤᠳᠠᠯ ᠢ ᠪᠦᠷᠢᠨ ᠰᠢᠢᠳᠪᠦᠷᠢᠯᠡᠬᠦ ᠪᠣᠯᠤᠮᠵᠢ ᠲᠠᠢ ᠶᠤᠮ᠃