ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭᠠ ᠶ᠋ᠢᠨ ᠭᠠᠵᠠᠷ ᠦᠨ ᠳᠠᠷᠤᠭᠠ ᠳᠠ᠂ ᠣᠳᠬᠠᠨᠵᠢᠷᠭᠠᠯ ᠣᠷᠤᠰ ᠦᠨ ᠬᠣᠯᠪᠤᠭᠠᠨ ᠪ ᠤᠯᠤᠰ ᠦᠨ ᠲᠥᠷᠦ ᠶ᠋ᠢᠨ ᠥᠮᠴᠢᠲᠦ 《ᠷᠣᠰᠠᠲ᠋ᠣᠮ》 ᠻᠣᠷᠫᠣᠷᠠᠼᠢ ᠶ᠋ᠢᠨ ᠵᠡᢉᠦᠨ ᠡᠮᠦᠨᠡᠳᠦ ᠠᠽᠢ ᠶ᠋ᠢᠨ ᠰᠠᠯᠪᠤᠷᠢ ᠶ᠋ᠢᠨ ᢉᠦᠢᠢᠴᠡᠥᠡᠬᠡᠬᠦ ᠵᠠᠬᠢᠷᠤᠯ ᠰᠧᠷᢉᠧᠢ ᠳ᠋ᠧᠨᠢᠮ ᠲᠡᠢ ᠠᠭᠤᠯᠵᠠᠯᠠ᠃ ᠮᠣᠩᠭᠤᠯ ᠤᠯᠤᠰ ᠲᠤ ᠒᠐᠒᠔ ᠣᠨ ᠳ᠋ᠤ ᠰᠠᠯᠪᠤᠷᠢ ᠪᠠᠨ ᠨᠡᢉᠡᢉᠡᢉᠰᠡᠨ 《ᠷᠣᠰᠠᠲ᠋ᠣᠮ》 ᠻᠣᠷᠫᠣᠷᠠᠼᠢ ᠨᠢ ᠦᠷᠠᠨ ᠪ ᠬᠠᠶᠢᠭᠤᠯ᠂ ᠣᠯᠪᠤᠷᠢᠯᠠᠯᠲᠠ ᠪᠠᠶᠠᠵᠢᠭᠤᠯᠤᠯᠲᠠ᠂ ᠬᠤᠪᠢᠷᠠᠭᠠᠯᠲᠠ᠂ ᠬᠡᠢ ᠶ᠋ᠢᠨ ᠲᠦᠯᠡᠰᠢ ᠦᠢᠯᠡᠳᠪᠦᠷᠢᠯᠡᠯ ᠢ ᠬᠠᠷᠢᠭᠤᠴᠠᠳᠠᠭ ᠔᠕᠐ ᠦᠬᠢᠨ ᠻᠣᠮᠫᠠᠨᠢ ᠲᠠᠢ ᠻᠣᠷᠫᠣᠷᠠᠼᠢ ᠶᠤᠮ᠃ ᠠᠭᠠᠷ ᠦᠨ ᠪᠣᢈᠬᠢᠷᠳᠠᠯ ᠦᠨ ᠓᠐- ᠡᠴᠠ ᠳᠣᠭᠤᠭᠰᠢ ᠦᢉᠡᠢ ᠬᠤᠪᠢ ᠶ᠋ᠢ ᠠᠦ᠋ᠲ᠋ᠣᠮᠠᠱᠢᠨ᠋ ᠡᠴᠠ ᠡᢉᠦᠳᠦᠯ ᠲᠡᠢ ᠪᠣᠬᠢᠷᠳᠠᠯ ᠡᠵᠡᠯᠡᠳᠡᠭᠡ ᠪᠥᢉᠡᠳ ᠠᠭᠠᠷ ᠦᠨ ᠴᠢᠨᠠᠷ ᠢ ᠰᠠᠶᠢᠵᠢᠷᠠᠭᠤᠯᠬᠤ ᠳ᠋ᠤ ᠨᠡᠶᠢᠲᠡ ᠶ᠋ᠢᠨ ᠲᠡᢉᠡᢉᠡᠪᠦᠷᠢ ᠶ᠋ᠢᠨ ᠠᠦ᠋ᠲ᠋ᠣᠪᠦ᠋ᠰ ᠰᠢᠩᢉᠡᠷᠡᢉᠦᠯᠦᢉᠰᠡᠨ ᠬᠡᠢ ᠶ᠋ᠢᠨ ᠲᠦᠯᠡᠰᠢ ᠠᠰᠢᠭᠯᠠᠬᠤ ᠨᠢ ᠴᠢᠬᠤᠯᠠ ᠨᠥᠯᠦᠭᠡ ᠲᠡᠢ᠃
ᠲᠡᠶᠢᠮᠦ ᠡᠴᠡ ᠲᠤᠰ ᠻᠣᠷᠫᠣᠷᠠᠼᠢ ᠶ᠋ᠢᠨ ᠵᠦᠭᠡ ᠡᠴᠡ ᠬᠠᠮᠲᠤᠷᠠᠨ ᠠᠵᠢᠯᠯᠠᠬᠤ ᠰᠠᠨᠠᠯ ᠲᠠᠯᠪᠢᠵᠤ᠂ ᠪᠦᠲᠦᢉᠡᢉᠳᠡᠬᠥᠨ ᠪ ᠴᠢᠨᠠᠷ᠂ ᠠᠶᠤᠯ ᠦᢉᠡᠢ ᠪᠠᠶᠢᠳᠠᠯ ᠦᠨ ᠦᠵᠡᢉᠦᠯᠦᠯᠲᠡ ᠶ᠋ᠢᠨ ᠮᠡᠳᠡᢉᠡᠯᠡᠯ ᠢ᠋ᠢᠡᠨ ᠲᠠᠨᠢᠯᠴᠠᠭᠤᠯᠪᠠ᠃ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ 《ᠷᠣᠰᠠᠲ᠋ᠣᠮ》 ᠻᠣᠷᠫᠣᠷᠠᠼᠢ ᠶ᠋ᠢᠨ ᠰᠢᠩᢉᠡᠷᠡᢉᠦᠯᠦᢉᠰᠡᠨ ᠬᠡᠢ ᠶ᠋ᠢᠨ ᠲᠦᠯᠡᠰᠢ ᠠᠰᠢᠭᠯᠠᠭᠰᠠᠨ ᠢ᠋ᠢᠠᠷ ᠡᠳ᠋ ᠦᠨ ᠵᠠᠰᠠᠭ ᠦᠨ ᠦᠷᠡ ᠥᢉᢉᠦᢉᠡᠵᠢ ᠶᠠᠮᠠᠷ ᠪᠠᠶᠢᠬᠤ᠂ ᠳᠡᠳ᠋ ᠪᠦᠲᠦᠴᠡ ᠶ᠋ᠢ ᠪᠦᠷᠢᠳᠦᢉᠦᠯᢈᠬᠦ ᠳ᠋ᠦ ᠬᠡᠷᠬᠢᠨ ᠬᠠᠮᠲᠤᠷᠠᠨ ᠠᠵᠢᠯᠯᠠᠬᠤ᠂ ᠨᠡᠶᠢᠲᠡ ᠶ᠋ᠢᠨ ᠲᠡᢉᠡᢉᠡᠪᠦᠷᠢ ᠶ᠋ᠢᠨ ᠠᠦ᠋ᠲ᠋ᠣᠪᠦ᠋ᠰ ᠲᠤ ᠶᠠᠮᠠᠷ ᠲᠥᠬᠦᢉᠡᠷᠦᠮᠵᠢ ᠠᠰᠢᠭᠯᠠᠬᠤ ᠪᠣᠯᠤᠮᠵᠢ ᠲᠠᠢ ᠶ᠋ᠢ ᠰᠤᠳᠤᠯᠬᠤ ᠪᠠᠷ ᠲᠣᠬᠢᠷᠠᠯᠴᠠᠪᠠ᠃