ᠨᠡᠶᠢᠰᠯᠡᠯ ᠦᠨ ᠵᠠᠰᠠᠭ ᠳᠠᠷᠤᠭᠠ ᠪᠣᠯᠤᠨ ᠳᠡᢉᠦᠷᠭᠡ᠂ ᠬᠣᠷᠢᠶᠠᠳ ᠦᠨ ᠵᠠᠰᠠᠭ ᠳᠠᠷᠤᠭᠠ ᠨᠠᠷ ᠦᠨ ᠠᠭᠤᠯᠵᠠᠯᠲᠠ ᠨᠡᠶᠢᠰᠯᠡᠯ ᠦᠨ ᠨᠤᠲᠤᠭ ᠦᠨ ᠵᠠᠬᠢᠷᠭᠠᠨ ᠪ ᠬᠠᠩᠭᠠᠷᠤᠳᠢ ᠴᠣᠭᠴᠠᠯᠠᠪᠤᠷᠢ ᠳ᠋ᠤ ᠥᠨᠦᠳᠦᠷ ᠪᠣᠯᠤᠯᠠ᠃ ᠤᠯᠠᠭᠠᠨᠪᠠᠭᠠᠲᠤᠷ ᠬᠣᠲᠠ ᠨᠢ ᠲᠥᠪ ᠦᠨ ᠵᠢᠷᠭᠤᠭᠠ᠂ ᠠᠯᠤᠰᠯᠠᠭᠳᠠᠭᠰᠠᠨ ᠭᠤᠷᠪᠠᠨ ᠳᠡᢉᠦᠷᠭᠡ ᠲᠡᠢ᠃ ᠨᠡᠶᠢᠲᠡ ᠒᠐᠔ ᠬᠣᠷᠢᠶᠠ ᠲᠠᠢ᠃ ᠥᠨᠦᠳᠦᠷ ᠠᠩᠬᠠ ᠤᠳᠠᠭᠠ ᠪᠣᠯᠵᠤ ᠪᠤᠢ ᠵᠠᠰᠠᠭ ᠳᠠᠷᠤᠭᠠ ᠨᠠᠷ ᠦᠨ ᠠᠭᠤᠯᠵᠠᠯᠲᠠ ᠶ᠋ᠢ ᠴᠠᠭᠠᠰᠢᠳᠠ ᠰᠠᠷᠠ ᠪᠣᠯᠭᠠᠨ ᠵᠣᠬᠢᠶᠠᠨ ᠪᠠᠶᠢᠭᠤᠯᠬᠤ ᠶᠤᠮ᠃ ᠠᠭᠤᠯᠵᠠᠯᠲᠠ ᠪᠠᠷ ᠨᠡᠶᠢᠰᠯᠡᠯ ᠦᠨ ᠵᠠᠰᠠᠭ ᠳᠠᠷᠤᠭᠠ ᠪᠥᢉᠡᠳ ᠤᠯᠠᠭᠠᠨᠪᠠᠭᠠᠲᠤᠷ ᠬᠣᠲᠠ ᠶ᠋ᠢᠨ ᠵᠠᠬᠢᠷᠤᠭᠴᠢ ᠬᠢᠢ᠂ ᠨᠢᠮᠠᠪᠠᠭᠠᠲᠤᠷ ᠵᠢᠷᠭᠤᠭᠠᠨ ᠴᠢᢉᠯᠡᠯ ᠢᠢᠡᠷ ᠡᢉᠦᠷᠭᠡ ᠳᠠᠭᠠᠭᠠᠯᠭᠠᠪᠤᠷᠢ ᠥᢉᠴᠦ᠂ ᠳᠡᢉᠦᠷᠭᠡ᠂ ᠬᠣᠷᠢᠶᠠᠳ ᠦᠨ ᠵᠠᠰᠠᠭ ᠳᠠᠷᠤᠭᠠ ᠨᠠᠷ ᠦᠨ ᠰᠠᠨᠠᠯ᠂ ᠬᠥᠰᠡᠯᠲᠡ ᠶ᠋ᠢ ᠰᠣᠨᠤᠰᠴᠤ᠂ ᠰᠢᠢᠳᠦᠯ ᠢ ᠬᠡᠯᠡᠯᠴᠡᠯᠡ᠃
ᠨᠢᢉᠡᠳᠦ᠋ᢉᠡᠷ ᠲᠦ᠂ ᠶᠠᠪᠠᠭᠠᠨ ᠬᠦᠮᠦᠨ ᠪ ᠵᠠᠮ ᠲᠠᠯᠠᠪᠠᠢ ᠶ᠋ᠢ ᠴᠢᠯᠦᢉᠡᠯᠡᠵᠦ᠂ ᠬᠣᠲᠠ ᠶ᠋ᠢᠨ ᠰᠲ᠋ᠠᠨ᠋ᠳᠠᠷᠲ ᠲᠤ ᠨᠡᠶᠢᠴᠡᢉᠦᠯᠬᠦ᠂ ᠲᠣᠬᠢᠵᠢᠯᠲᠠ᠂ ᠨᠣᠭᠤᠭᠠᠨ ᠪᠠᠶᠢᠭᠤᠯᠤᠮᠵᠢ ᠳ᠋ᠤ ᠠᠩᠬᠠᠷᠬᠤ᠃ ᠢᠷᢉᠡᠳ ᠦᠨ ᠴᠢᠯᠦᢉᠡᠲᠡᠢ ᠵᠣᠷᠴᠢᠬᠤ᠂ ᠠᠮᠠᠷᠠᠬᠤ ᠨᠥᠬᠦᠴᠡᠯ ᠢ ᠪᠦᠷᠢᠳᠦᢉᠦᠯᠵᠦ ᠥᢉᠬᠦ ᠳ᠋ᠦ ᠵᠠᠰᠠᠭ ᠳᠠᠷᠤᠭᠠ ᠨᠠᠷ ᠲᠤᠰᠬᠠᠶᠢᠯᠠᠨ ᠠᠩᠬᠠᠷᠴᠤ᠂ ᠬᠣᠷᠢᠶᠠᠨ ᠳ᠋ᠤ ᠪᠠᠨ ᠡᠵᠡᠨ ᠰᠢᠭ ᠬᠠᠨᠳᠤᠬᠤ ᠶ᠋ᠢ ᠡᢉᠦᠷᠭᠡ ᠪᠣᠯᠭᠠᠯᠠ᠃
ᠬᠣᠶᠠᠳᠤᠭᠠᠷ ᠲᠤ᠂ ᠨᠡᠶᠢᠰᠯᠡᠯ ᠡᠴᠡ 《ᠵᠣᠭᠰᠤᠭᠠᠯ》ᠬᠦᠲᠦᠯᠪᠦᠷᠢ ᠶ᠋ᠢ ᠬᠡᠷᠡᢉᠵᠢᢉᠦᠯᠵᠦ ᠪᠤᠢ᠃ ᠲᠡᠶᠢᠮᠦ ᠡᠴᠡ ᠬᠣᠷᠢᠶᠠᠳ ᠦᠨ ᠵᠠᠰᠠᠭ ᠳᠠᠷᠤᠭᠠ ᠨᠠᠷ ᠨᠤᠲᠤᠭ ᠳᠡᠪᠢᠰᢈᠡᠷ ᠳᠡᢉᠡᠷᠬᠢᠢ ᠠᠦᠲ᠋ᠣᠮᠠᠱᠢᠨ ᠪ ᠲᠣᠭᠠ᠂ᠣᠳᠤ ᠪᠠᠶᠢᠭᠠ ᠵᠣᠭᠰᠤᠭᠠᠯ ᠦᠨ ᠲᠣᠭᠠ᠂ ᠴᠠᠭᠠᠰᠢᠳᠠ ᠪᠠᠷᠢᠬᠤ ᠪᠣᠯᠤᠮᠵᠢᠲᠠᠢ ᠳᠠᠯᠳᠠ ᠵᠣᠭᠰᠤᠭᠠᠯ ᠦᠨ ᠪᠠᠶᠢᠷᠢᠰᠢᠯ ᠦᠳ ᠦᠨ ᠰᠤᠳᠤᠯᠭᠠ ᠶ᠋ᠢ ᠭᠠᠷᠭᠠᠵᠤ᠂ ᠤᠯᠠᠭᠠᠨᠪᠠᠭᠠᠲᠤᠷ ᠬᠣᠲᠠ ᠶ᠋ᠢᠨ ᠶᠡᠷᠦᠭᠬᠡᠢ ᠠᠷᠬᠢᠲ᠋ᠧᠻᠲ᠋ᠣᠷ ᠴᠤ ᠂ ᠲᠡᢉᠦᠰᠳᠡᠯᢉᠡᠷ ᠲᠦ ᠬᠥᠯᠢᠶᠡᠯᢉᠡᠭ ᠥᢉᠬᠦ ᠶ᠋ᠢ ᠡᢉᠦᠷᠭᠡ ᠪᠣᠯᠭᠠᠯᠠ᠃
ᠤᠯᠠᠭᠠᠨᠪᠠᠭᠠᠲᠤᠷ ᠬᠣᠲᠠ ᠶ᠋ᠢᠨ ᠢᠷᢉᠡᠳ ᠦᠨ ᠔᠖ ᠬᠤᠪᠢ ᢉᠡᠷ ᠬᠣᠷᠢᠶᠠᠯᠠᠯ ᠳ᠋ᠤ ᠠᠮᠢᠳᠤᠷᠠᠳᠠᠭ᠃ ᠒᠐᠔᠐ ᠦᠨ ᢉᠡᠬᠦ ᠳ᠋ᠦ ᢉᠡᠷ ᠬᠣᠷᠢᠶᠠᠯᠠᠯ ᠳ᠋ᠤ ᠠᠮᠢᠳᠤᠷᠠᠳᠠᠭ ᠢᠷᢉᠡᠳ ᠦᠨ ᠘᠐ ᠭᠠᠷᠤᠢ ᠬᠤᠪᠢ ᠶ᠋ᠢ ᠣᠷᠤᠨ ᠰᠠᠭᠤᠴᠠᠨ ᠳ᠋ᠤ ᠬᠠᠮᠤᠷᠤᠭᠤᠯᠬᠤ ᠶ᠋ᠢ ᠵᠣᠷᠢᠵᠤ ᠪᠠᠶᠢᠨᠠ᠃ ᠡᠨᠡ ᠵᠣᠷᠢᠯᠲᠠ ᠶ᠋ᠢ ᠪᠡᠶᠡᠯᠡᢉᠦᠯᠬᠦ ᠶ᠋ᠢᠨ ᠲᠤᠯᠠᠳᠠ ᠡᠬᠢᠨ ᠪ ᠡᢉᠡᠯᠵᠢ ᠳ᠋ᠦ ᠵᠣᠭᠰᠤᠭᠠᠯ ᠦᠨ ᠠᠰᠠᠭᠤᠳᠠᠯ ᠢ ᠰᠢᠢᠳᠦᠨᠡ᠃ ᠮᠥᠨ ᠨᠣᠭᠤᠭᠠᠨ ᠪᠠᠶᠢᠭᠤᠯᠤᠮᠵᠢ᠂ ᠢᠷᢉᠡᠳ ᠦ᠋ᠨ ᠠᠮᠠᠷᠠᠯᠲᠠ᠂ ᠴᠢᠯᠦᢉᠡᠲᠦ ᠴᠠᠭ ᠢ᠋ᠶᠠᠨ ᠥᠩᢉᠡᠷᠡᢉᠡᢈᠦ ᠭᠠᠵᠠᠷ ᠢ᠋ ᠡᢈᠢᠨ ᠡᠴᠡ ᠨᠢ ᠵᠡᠷᢉᠡᠴᠡᢉᠦᠯᠦᠨ ᠲᠥᠯᠦᠪᠯᠡᢈᠦ ᠶ᠋ᠢ ᠬᠣᠲᠠ ᠶ᠋ᠢᠨ ᠳᠠᠷᠤᠭᠠ ᠬᠠ᠂ ᠨᠢᠮᠠᠪᠠᠭᠠᠲᠤᠷ ᠠᠭᠤᠯᠵᠠᠯᠲᠠ ᠪᠠᠷ ᠣᠨᠴᠠᠯᠠᠵᠤ ᢈᠡᠯᠡᠯᠡ᠃
ᠭᠤᠷᠪᠠᠳᠤᠭᠠᠷ ᠲᠤ᠂ ᠬᠣᠷᠢᠶᠠ ᠪᠦᠷᠢ ᠳ᠋ᠦ ᠪᠠᠶᠢᠭᠠ ᠡᠵᠡᠨ ᠦᢉᠡᠢ ᠤᠳᠠᠭᠰᠠᠨ ᠮᠠᠱᠢᠨ᠂ ᠲᠡᠮᠦᠷ ᠦᠨ ᠴᠡᠭ ᠬᠤᠷᠠᠭᠰᠠᠨ ᠬᠣᠭ ᠬᠠᠶᠠᠭᠳᠠᠯ᠂ ᠡᠪᠳᠡᠷᠡᢉᠰᠡᠨ ᠬᠠᠰᠢᠶᠠ᠂ ᠬᠠᠶᠢᠰᠤ ᠶ᠋ᠢ ᠪᠠᠭᠤᠯᠭᠠᠵᠤ᠂ ᠬᠣᠲᠠ ᠶ᠋ᠢᠨ ᠥᠩᠭᠡ ᠦᠵᠡᠮᠵᠢ ᠶ᠋ᠢ ᠰᠠᠶᠢᠵᠢᠷᠠᠭᠤᠯᠬᠤ ᠳ᠋ᠤ ᠡᢉᠦᠷᠭᠡ ᠣᠷᠤᠯᠴᠠᠭᠠ ᠲᠠᠢ ᠠᠵᠢᠯᠯᠠᠬᠤ ᠶ᠋ᠢ ᠳᠡᢉᠦᠷᠭᠡ᠂ ᠬᠣᠷᠢᠶᠠᠳ ᠦᠨ ᠵᠠᠰᠠᠭ ᠳᠠᠷᠤᠭᠠ ᠨᠠᠷ ᠠ᠋ᠴᠠ ᠬᠦᠰᠡᠯᠡ᠃ ᠳᠥᠷᠪᠡᠳᠦ᠋ᢉᠡᠷ ᠲᠦ᠂ ᠠᠭᠠᠷ ᠦᠨ ᠴᠢᠨᠠᠷ ᠢ ᠰᠠᠶᠢᠵᠢᠷᠠᠭᠤᠯᠬᠤ ᠵᠣᠷᠢᠯᠭᠠ ᠪᠠᠷ ᠤᠯᠠᠭᠠᠨᠪᠠᠭᠠᠲᠤᠷ ᠬᠣᠲᠠ ᠶ᠋ᠢ ᠨᠣᠭᠤᠭᠠᠨ᠂ ᠰᠢᠷᠠ ᠪᠦᠰᠡ ᠳ᠋ᠦ ᠬᠤᠪᠢᠶᠠᠵᠤ᠂ ᠨᠣᠭᠤᠭᠠᠨ ᠪᠦᠰᠡ ᠳ᠋ᠦ ᠬᠠᠮᠢᠶᠠᠷᠬᠤ ᠑᠐᠓᠂᠐᠙᠐ ᠡᠷᠦᠭᠡ ᠶ᠋ᠢ ᠴᠠᠬᠢᠯᠭᠠᠨ ᠪᠣᠯᠤᠨ ᠬᠢᠢ ᠶ᠋ᠢᠨ ᠲᠦᠯᠡᠰᠢ ᠳ᠋ᠦ ᠰᠢᠯᠵᠢᢉᠦᠯᠦᠨᠡ᠃ ᠢᠩᢉᠢᠬᠦ ᠳ᠋ᠦ ᠪᠡᠨ ᠕᠑ ᠮᠢᠩᠭᠠᠨ ᠡᠷᠦᠭᠡ ᠶ᠋ᠢ ᠳᠤᠯᠠᠭᠠᠯᠭᠠ ᠶ᠋ᠢᠨ ᠲᠥᠰᠦᠯ ᠳ᠋ᠦ ᠬᠠᠮᠤᠷᠤᠭᠤᠯᠤᠨᠠ᠃ ᠪᠠᠶᠢᠰᠢᠩ ᠰᠠᠭᠤᠴᠠ ᠶ᠋ᠢᠨ ᠭᠠᠳᠠᠨᠠ ᠳᠤᠯᠠᠭᠠᠯᠭᠠ ᠬᠢᠬᠦ᠂ ᠳᠡᢉᠡᠪᠦᠷ ᠦᠨ ᠳᠤᠯᠠᠭᠠᠯᠭᠠ᠂ ᠴᠣᠩᠬᠤᠨ ᠪ ᠳᠤᠯᠠᠭᠠᠯᠭᠠ᠂ ᠴᠣᠩᠬᠤ ᠰᠣᠯᠢᠬᠤ ᠠᠵᠢᠯ ᠳ᠋ᠤ ᠲᠥᠷᠦ ᠡᠴᠡ ᠳᠡᠮᠵᠢᠯᢉᠡ ᠦᠵᠡᢉᠦᠯᠦᠨᠡ᠃ ᠡᠨᠡ ᢈᠦ ᠳᠤᠯᠠᠭᠠᠯᠭᠠ ᠶ᠋ᠢᠨ ᠲᠥᠰᠦᠯ ᠳ᠋ᠦ ᢉᠡᠷ ᠪᠣᠯᠤᠨ ᠠᠮᠢᠨ ᠪ ᠣᠷᠤᠨ ᠰᠠᠭᠤᠴᠠᠨ ᠪ ᠨᠥᠬᠦᠴᠡᠯ ᠪᠠᠶᠢᠳᠠᠯ ᠢ ᠲᠣᠳᠤᠷᠬᠠᠶᠢᠯᠠᠬᠤ ᠵᠡᠷᠭᠡ ᠠᠵᠢᠯ ᠳ᠋ᠤ ᠳᠡᢉᠦᠷᠭᠡ᠂ ᠬᠣᠷᠢᠶᠠᠳ ᠠ᠋ᠴᠠ ᠳᠡᠮᠵᠢᠯᠭᠡ ᠦᠵᠡᢉᠦᠯᠵᠦ᠂ ᠣᠷᠤᠯᠴᠠᠭᠠᠲᠠᠢ ᠠᠵᠢᠯᠯᠠᠬᠤ ᠶ᠋ᠢ ᠬᠣᠲᠠ ᠶ᠋ᠢᠨ ᠳᠠᠷᠤᠭᠠ ᠬᠢᠢ᠂ ᠨᠢᠮᠠᠪᠠᠭᠠᠲᠤᠷ ᠡᢉᠦᠷᠭᠡ ᠪᠣᠯᠭᠠᠪᠠ᠃ ᠲᠠᠪᠤᠳᠤᠭᠠᠷ ᠲᠤ᠂ ᠵᠣᠯᠪᠢᠩ ᠨᠣᠬᠠᠢ᠂ ᠮᠤᠤᠷᠠᠨ ᠪ ᠰᠤᠳᠤᠯᠭᠠ ᠶ᠋ᠢ ᠭᠠᠷᠭᠠᠵᠤ᠂ ᠢᠯᠠᠩᠭᠤᠶᠠ ᠵᠤᠰᠠᠯᠠᠩ ᠦᠨ ᠪᠦᠰᠡ ᠳ᠋ᠦ ᠢᠷᢉᠡᠳ ᠦᠨ ᠠᠶᠤᠯ ᠦᢉᠡᠢ ᠪᠠᠶᠢᠳᠠᠯ ᠢ ᠠᠯᠳᠠᠭᠳᠠᠭᠤᠯᠵᠤ ᠪᠠᠶᠢᠭᠠ ᠮᠤᠤᠷ᠂ ᠨᠣᠬᠠᠢ ᠶ᠋ᠢᠨ ᠠᠰᠠᠭᠤᠳᠠᠯ ᠢ ᠴᠡᢉᠴᠡᠯᠠᠬᠦ ᠶ᠋ᠢ ᠡᢉᠦᠷᢉᠡᠳᠡᠪᠡ᠃
ᠵᠢᠷᠭᠤᠭᠠᠳᠤᠭᠠᠷ ᠲᠤ᠂ ᠬᠣᠲᠠ ᠶ᠋ᠢᠨ ᠰᠣᠶᠤᠯ ᠢ᠋ ᠪᠤᠢ ᠪᠣᠯᠭᠠᠬᠤ᠂ ᠡᠶᠡᠷᢉᠦ ᠬᠠᠨᠳᠤᠯᠭᠠ ᠲᠦᢉᠡᢉᠡᠬᠦ᠂ ᠠᠶᠠᠯᠠᠯ ᠵᠢᠭᠤᠯᠴᠢᠯᠠᠯ ᠢ ᠲᠠᠲᠠᠬᠤ ᠵᠣᠷᠢᠯᠭᠠ ᠪᠠᠷ ᠡᠨᠡ ᠣᠨ ᠳ᠋ᠤ ᠬᠡᠳᠦ ᠬᠡᠳᠦᠨ ᠲᠣᠮᠤᠬᠠᠨ ᠠᠷᠭᠠ ᠬᠡᠮᠵᠢᠶᠡ᠂ ᠡᠸᠧᠨ᠋ᠲ ᠢ ᠤᠯᠠᠭᠠᠨᠪᠠᠭᠠᠲᠤᠷ ᠬᠣᠲᠠ ᠠ᠋ᠴᠠ ᠵᠣᠬᠢᠶᠠᠨ ᠪᠠᠶᠢᠭᠤᠯᠵᠤ ᠪᠠᠶᠢᠨᠠ᠃
ᠲᠤᠬᠠᠶᠢᠯᠠᠪᠠᠯ᠂ ᠡᠨᠡ ᠰᠠᠷᠠ ᠶ᠋ᠢᠨ ᠘-ᠨᠳᠡ ᠰᠦᠬᠡᠪᠠᠭᠠᠲᠤᠷ ᠦᠨ ᠲᠠᠯᠠᠪᠠᠢ ᠳ᠋ᠤ ᠪᠣᠯᠬᠤ《UB food》 ᠣᠯᠠᠨ ᠤᠯᠤᠰ ᠦᠨ ᠬᠣᠭᠤᠯᠠᠨ ᠪ ᠹᠧᠰᠲ᠋ᠢᠸᠠᠯ ᠨᠢ ᠬᠣᠲᠠ ᠶ᠋ᠢᠨ ᠰᠣᠶᠤᠯ ᠢ ᠪᠤᠢ ᠪᠣᠯᠭᠠᠵᠤ᠂ ᠵᠢᠭᠤᠯᠴᠢᠳ ᠢ ᠲᠠᠲᠠᠬᠤ ᠳ᠋ᠤ ᠡᠶᠡᠷᢉᠦ ᠨᠥᠯᠦᠭᠡ ᠦᠵᠡᢉᠦᠯᠬᠦ ᠶᠤᠮ᠃ ᠡᠳᠡᢉᠡᠷ ᠠᠷᠭᠠ ᠬᠡᠮᠵᠢᠶᠡ ᠶ᠋ᠢ ᠳᠡᢉᠦᠷᠭᠡ᠂ ᠬᠣᠷᠢᠶᠠᠳ ᠡᠴᠠ ᠳᠡᠮᠵᠢᠨ ᠠᠵᠢᠯᠯᠠᠵᠤ᠂ ᠢᠳᠡᠪᠬᠢ ᠲᠡᠢ ᠣᠷᠤᠯᠴᠠᠵᠤ᠂ ᠬᠣᠲᠠ ᠶ᠋ᠢᠨ ᠰᠣᠶᠤᠯ ᠢ ᠲᠦᢉᠡᠭᠡ ᠳᠡᠯᢉᠡᠷᠡᢉᠦᠯᠬᠦ ᠳ᠋ᠦ ᠬᠠᠮᠲᠤᠷᠠᠵᠤ ᠠᠵᠢᠯᠯᠠᠬᠤ ᠶ᠋ᠢ ᠬᠣᠲᠠ ᠶ᠋ᠢᠨ ᠳᠠᠷᠤᠭᠠ ᠤᠷᠢᠶᠠᠯᠠᠯᠠ᠃