ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠡᠷᠬᠢᠯᠡᢉᠴᠢ ᠠᠵᠤ ᠠᠬᠤᠢ ᠶ᠋ᠢᠨ ᠨᠢᢉᠡᠴᠡ ᠨᠦ᠋ᢉᠦᠳ ᠲᠡᠢ ᢉᠡᠷ᠎ᠡ ᠪᠠᠶᠢᠭᠤᠯᠤᠯ᠎ᠠ

ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠳᠠᠷᠤᠭ᠎ᠠ ᠳᠠ‍᠂ ᠣᠳᠬᠠᠨᠵᠢᠷᠭᠠᠯ ᠮᠣᠩᠭᠣᠯ ᠤᠯᠤᠰ  ᠦᠨ ᠢᠷᢉᠡᠨ  ᠪ ᠬᠠᠤᠯᠢ ᠶ᠋ᠢᠨ ᠓᠔᠓-᠓᠕᠘᠂ ᠵᠠᠬᠢᠷᠭᠠᠨ  ᠪ ᠶᠡᠷᠦᠩᠭᠡᠢ ᠬᠠᠤᠯᠢ ᠶ᠋ᠢᠨ ᠕᠒᠂ ᠕᠓ ᠳ᠋ᠤᠭᠠᠷ ᠵᠦᠢᠯ  ᠢ ᠤᠳᠤᠷᠢᠳᠤᠯᠭ᠎ᠠ ᠪᠣᠯᠭᠠᠨ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠡᠷᠬᠢᠯᠡᢉᠴᠢ ᠠᠵᠤ ᠠᠬᠤᠢ ᠶ᠋ᠢᠨ ᠨᠢᢉᠡᠴᠡ ᠶ᠋ᠢᠨ ᠤᠳᠤᠷᠢᠳᠤᠯᠭ᠎ᠠ ᠨᠤᠭᠤᠳ ᠲᠠᠢ ᢉᠡᠷ᠎ᠡ ᠪᠠᠶᠢᠭᠤᠯᠵᠤ᠂ ᠭᠠᠷ  ᠦᠨ ᠦᠰᠤᠭ ᠵᠢᠷᠤᠯ᠎ᠠ᠃  ᠤᠯᠠᠭᠠᠨᠪᠠᠭᠠᠲᠤᠷ ᠬᠣᠲᠠ ᠪᠣᠯᠤᠨ ᠬᠣᠲᠠ ᠣᠷᠴᠢᠮ  ᠦᠨ ᠢᠷᢉᠡᠳ ᠲᠦ ᠵᠣᠷᠴᠢᠭᠴᠢ ᠲᠥᠪ ᠲᠡᠢ ᠨᠡᠶᠢᠲᠡ ᠶ᠋ᠢᠨ ᠲᠡᢉᠡᢉᠡᠪᠦᠷᠢ ᠶ᠋ᠢᠨ ᠦᠢᠯᠡᠴᠢᠯᠡᠭᠡ ᠶ᠋ᠢ ᠬᠦᠷᢉᠡᠵᠦ᠂ ᠢᠷᢉᠡᠳ  ᠦᠨ ᠠᠶ᠎ᠠ ᠲᠤᠬᠠᠲᠠᠢ᠂ ᠬᠦᠷᠲᠡᢉᠡᠮᠵᠢᠲᠡᠢ᠂ ᠡᠷᠡᢉᠦᠯ᠂ ᠠᠶᠤᠯ ᠦᢉᠡᠢ ᠵᠣᠷᠴᠢᠬᠤ ᠨᠥᠬᠥᠴᠡᠯ  ᠢ ᠬᠠᠩᠭᠠᠬᠤ ᠶ᠋ᠢᠨ ᠲᠥᠯᠦᢉᠡ ᠢᠯᠡᢉᠦᠦ ᠬᠢᠴᠢᠶᠡᠨ ᠠᠵᠢᠯᠯᠠᠵᠤ᠂ᠦᠷ᠎ᠡ ᠳ᠋ᠦᠩ ᠳ᠋ᠦ ᠰᠠᠭᠤᠷᠢᠯᠠᠨ ᠠᠵᠢᠯ  ᠦᠨ ᠦᠵᠡᢉᠦᠯᠦᠯᠲᠡ ᠶ᠋ᠢ ᠦᠨᠡᠯᠡᠬᠥ ᠰᠢᠰᠲ᠋ᠧᠮ ᠳ᠋ᠦ ᠰᠢᠯᠵᠢᠨ ᠠᠵᠢᠯᠯᠠᠬᠤ ᠱᠠᠭᠠᠷᠳᠠᠯᠭᠠᠲᠠᠢ ᠶ᠋ᠢ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ  ᠦᠨ ᠳᠠᠷᠤᠭ᠎ᠠ ᠳᠠ‍᠂ ᠣᠳᠬᠠᠨᠵᠢᠷᠭᠠᠯ ᠣᠨᠴᠠᠯᠠᠯ᠎ᠠ᠃  ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠶ᠋ᠢᠨ ᠦᠢᠯᠡᠴᠢᠯᠡᠭᠡ ᠡᠷᠭᠢᠯᠡᢉᠴᠢ ᠠᠵᠤ ᠠᠬᠤᠢ ᠶ᠋ᠢᠨ ᠨᠢᢉᠡᠴᠡ ᠨᠤᢉᠦᠳ ᠲᠡᠢ ᠨᠢᠭᠡ ᠵᠢᠯ  ᠦᠨ ᠬᠤᠭᠤᠴᠠᠭ᠎ᠠ ᠲᠠᠢ ᢉᠡᠷ᠎ᠡ ᠪᠠᠶᠢᠭᠤᠯᠳᠠᠭ ᠪᠠᠶᠢᠭᠰᠠᠨ ᠪᠣᠯ ᠡᠨᠡ ᠵᠢᠯ ᠲᠠᠪᠤᠨ ᠵᠢᠯ  ᠦᠨ ᠬᠤᠭᠤᠴᠠᠭ᠎ᠠ ᠲᠠᠢ ᢉᠡᠷ᠎ᠡ ᠪᠠᠶᠢᠭᠤᠯᠤᠨ ᠠᠵᠢᠯᠯᠠᠬᠤ ᠪᠠᠷ ᠪᠣᠯᠤᠭᠰᠠᠨ᠃  ᢉᠡᠷ᠎ᠡ ᠶ᠋ᠢᠨ ᠬᠤᠭᠤᠴᠠᠭ᠎ᠠ ᠨᠡᠮᠡᢉᠳᠡᠭᠰᠡᠨ ᠨᠢ ᠲᠣᠭᠲᠠᠪᠤᠷᠢᠲᠠᠢ᠂ ᠠᠮᠵᠢᠯᠲᠠᠲᠠᠢ ᠠᠵᠢᠯᠯᠠᠬᠤ ᠳ᠋ᠤ ᠨᠥᠯᠦᢉᠡᠯᠡᠬᠦ ᠮᠠᠰᠢ ᠴᠢᠬᠤᠯᠠ ᠠᠴᠢ ᠬᠣᠯᠪᠤᠭᠳᠠᠯ ᠲᠠᠢ ᢉᠡᠳᠡᠭᠡ  ᠢ ᠻᠣᠮᠫᠠᠨᠢ ᠶ᠋ᠢᠨ ᠲᠥᠯᠦᢉᠡᠯᠡᠯ᠂ ᠵᠠᠬᠢᠷᠤᠯ  ᠤᠤᠨ ᠣᠨᠴᠠᠯᠠᠵᠤ᠂ ᠲᠠᠯᠠᠷᠬᠠᠯ ᠢᠯᠡᠷᠬᠡᠢᠢᠯᠡᠪᠡ᠃