ᠰᠠᠷ᠎ᠠ ᠰᠢᠨ᠎ᠡ ᠶ᠋ᠢᠨ ᠡᠳᠦᠷ ᠤᠳ ᠲᠦ ᠙᠔᠗ ᠠᠦ᠋ᠲ᠋ᠣᠪᠦ᠋ᠰ ᠢᠷᢉᠡᠳ ᠲᠦ ᠦᠢᠯᠡᠴᠢᠯᠡᠨ᠎ᠡ

ᠡᠨᠡ ᠰᠠᠷ᠎ᠠ ᠶ᠋ᠢᠨ ᠐ ᠑- ᠤ ᠡᠳᠦᠷ ᠡᠴᠡ ᠨᠡᠶᠢᠲᠡ ᠶ᠋ᠢᠨ ᠲᠡᢉᠡᢉᠡᠪᠦᠷᠢ ᠪᠡᠷ ᠡᠳᠦᠷ ᠲᠦ ᠑᠐᠐᠐ ᠲᠥᠭᠦᠷᠢᠭ ᠢᠢᠡᠷ ᠴᠠᠭ ᠦᠨ ᠬᠢᠵᠠᠭᠠᠷ ᠦᢉᠡᠢ ᠳᠥᠷᠪᠡᠨ ᠤᠳᠠᠭ᠎ᠠ ᠵᠣᠷᠴᠢᠬᠤ ᠵᠣᠬᠢᠴᠠᠭᠤᠯᠤᠯᠲᠠ ᠬᠡᠷᠡᢉᠵᠢᠵᠦ ᢈᠬᠢᠯᠡᢉᠰᠡᠨ᠃ ᠤᠭ ᠵᠣᠬᠢᠴᠠᠭᠤᠯᠤᠯᠲᠠ ᠬᠡᠷᠡᢉᠵᠢᢉᠰᠡᠨ ᠢᠢᠡᠷ ᠨᠡᠶᠢᠲᠡ ᠶ᠋ᠢᠨ ᠲᠡᢉᠡᢉᠡᠪᠦᠷᠢ ᠶ᠋ᠢᠨ ᠰᠠᠯᠪᠤᠷᠢ ᠳ᠋ᠤ ᠶᠠᠮᠠᠷ ᠥᢉᠡᠷᠡᠴᠢᠯᠡᠯᠲᠡ ᠭᠠᠷᠤᠭᠰᠠᠨ ᠲᠠᠯᠠᠭᠠᠷ ᠪᠣᠯᠤᠨ ᠰᠠᠷ᠎ᠠ ᠰᠢᠨ᠎ᠡ ᠶ᠋ᠢᠨ ᠪᠠᠶᠠᠷ ᠢᠢᠠᠷ ᠶᠠᠮᠠᠷ ᠵᠣᠬᠢᠴᠠᠭᠤᠯᠤᠯᠲᠠ ᠬᠢᠵᠦ ᠪᠤᠢ ᠲᠠᠯᠠᠭᠠᠷ ᠨᠡᠶᠢᠲᠡ ᠶ᠋ᠢᠨ ᠲᠡᢉᠡᢉᠡᠪᠦᠷᠢ ᠶ᠋ᠢᠨ ᠪᠣᠳᠤᠯᠭ᠎ᠠ ᠶ᠋ᠢᠨ ᠭᠠᠵᠠᠷ ᠦᠨ ᠵᠠᠬᠢᠷᠭ᠎ᠠ᠂ ᠤᠳᠤᠷᠢᠳᠤᠯᠭ᠎ᠠ ᠶ᠋ᠢᠨ ᠬᠡᠯᠲᠡᠰ ᠤᠨ ᠳᠠᠷᠤᠭ᠎ᠠ ᠵᠢ‍᠂ ᠴᠡᠸᠡᠩᠳᠣᠷᠵᠢ ᠡᠴᠠ ᠲᠣᠳᠤᠷᠠᠭᠤᠯᠤᠯ᠎ᠠ᠃

ᠲᠡᠷᠡ ᠪᠡᠷ 《ᠡᠨᠡ ᠣᠨ ᠪ ᠬᠣᠶᠠᠳᠤᠭᠠᠷ ᠰᠠᠷ᠎ᠠ ᠶ᠋ᠢᠨ ᠐᠑ ᠡᠴᠨ ᠡᠳᠦᠷ ᠲᠦ ᠑᠐᠐᠐ ᠳᠥᠭᠦᠷᠢᠭ ᠢᠢᠡᠷ ᠳᠥᠷᠪᠡᠨ ᠤᠳᠠᠭ᠎ᠠ ᠵᠣᠷᠴᠢᠬᠤ ᠰᠢᠰᠲ᠋ᠧᠮ  ᠢ ᠨᠡᠪᠲᠡᠷᠡᢉᠦᠯᠦᢉᠰᠡᠨ᠃ ᠡᢉᠦᠨ ᠲᠡᠢ ᠬᠣᠯᠪᠤᠭᠳᠠᠭᠤᠯᠤᠨ ᠬᠤᠭᠤᠴᠠᠭ᠎ᠠ ᠲᠠᠢ ᠠᠦᠲ᠋ᠤᠪᠦᠰ  ᠦᠨ ᠻᠠᠷᠲ ᠢ ᠭᠤᠷᠪᠠᠳᠤᠭᠠᠷ ᠰᠠᠷ᠎ᠠ ᠶ᠋ᠢᠨ ᠐᠑ ᠡᠴᠨ ᠬᠡᠷᠡᢉᠯᠬᠦ ᠦᢉᠡᠢ ᠪᠣᠯᠵᠤ ᠪᠠᠶᠢᠨ᠎ᠠ᠃ ᠲᠤᠰ ᠻᠠᠷᠲ ᠢᠢᠠᠷ ᠰᠠᠷ᠎ᠠ ᠳ᠋ᠤ ᠒᠕ ᠮᠢᠩᠭᠠᠨ ᠲᠥᠭᠦᠷᠢᠭ ᠢᠢᠡᠷ ᠬᠢᠵᠠᠭᠠᠷ ᠦᢉᠡᠢ ᠵᠣᠷᠴᠢᠳᠠᠭ ᠪᠠᠶᠢᠭᠰᠠᠨ ᠪᠣᠯ ᠣᠳᠤ ᠶ᠋ᠢᠨ ᠵᠣᠬᠢᠴᠠᠭᠤᠯᠤᠯᠲᠠ ᠪᠠᠷ ᠨᠢᠭᠡ ᠬᠦᠮᠦᠨ ᠰᠠᠷ᠎ᠠ ᠳ᠋ᠤ ᠒᠒ ᠮᠢᠩᠭᠠᠨ ᠲᠥᠭᠦᠷᠢᠭ ᠢᠢᠡᠷ ᠵᠣᠷᠴᠢᠬᠤ ᠪᠣᠯᠤᠮᠵᠢ ᠲᠠᠢ ᠪᠣᠯᠤᠭᠰᠠᠨ》ᢉᠡᠪᠡ᠃  ᠮᠥᠨ ᠰᠠᠷ᠎ᠠ ᠰᠢᠨ᠎ᠡ ᠶ᠋ᠢᠨ ᠪᠠᠶᠠᠷ ᠢᠢᠠᠷ ᠭᠤᠷᠪᠠᠳᠤᠭᠠᠷ ᠰᠠᠷ᠎ᠠ ᠶ᠋ᠢᠨ ᠐᠕-  ᠪ ᠡᠳᠦᠷ  ᠢ ᠳᠠᠭᠤᠰᠲᠠᠯ᠎ᠠ ᠠᠮᠠᠷᠠᠬᠤ ᠰᠢᠢᠳᠪᠦᠷᠢ ᠭᠠᠷᠤᠭᠰᠠᠨ ᠲᠠᠢ ᠬᠣᠯᠪᠤᠭᠳᠠᠭᠤᠯᠤᠨ ᠨᠡᠶᠢᠲᠡ ᠶ᠋ᠢᠨ ᠲᠡᢉᠡᢉᠡᠪᠦᠷᠢ ᠶ᠋ᠢᠨ ᠭᠠᠵᠠᠷ ᠡᠴᠠ ᠲᠤᠬᠠᠢ ᠶ᠋ᠢᠨ ᠡᠳᠦᠷ  ᠤᠤᠨ ᠲᠦ ᠠᠮᠠᠷᠠᠯᠲᠠ ᠶ᠋ᠢᠨ ᠴᠠᠭ  ᠦᠨ ᠭᠣᠷᠢᠮ ᠢᠢᠠᠷ ᠠᠵᠢᠯᠯᠠᠬᠤ ᠰᠢᠢᠳᠪᠦᠷᠢ  ᠢ ᠭᠠᠷᠭᠠᠭᠠᠳ ᠪᠠᠶᠢᠨ᠎ᠠ᠃  ᠢᠩᢉᠢᢉᠰᠡᠨ ᠢᠢᠡᠷ ᠰᠠᠷ᠎ᠠ ᠰᠢᠨ᠎ᠡ ᠶ᠋ᠢᠨ ᠪᠠᠶᠠᠷ ᠢᠢᠠᠷ ᠡᠳᠦᠷ ᠲᠦ ᠙᠔᠗ ᠠᠦ᠋ᠲ᠋ᠣᠪᠦ᠋ᠰ ᠢᠷᢉᠡᠳ ᠲᠦ ᠦᠢᠯᠡᠴᠢᠯᠡᠨ᠎ᠡ᠃  ᠬᠠᠷᠢᠨ ᠠᠵᠢᠯ ᠤᠨ ᠡᠳᠦᠷ  ᠤᠤᠨ ᠲᠦ ᠑᠑᠐᠐ ᠭᠠᠷᠤᠢ ᠠᠦ᠋ᠲ᠋ᠣᠪᠦ᠋ᠰ ᠢᠷᢉᠡᠳ ᠲᠦ ᠦᠢᠯᠡᠴᠢᠯᠡᠳᠡᠩ ᠪᠢᠯᠡ᠃